ᠨᠠᠮᠤᠷ ᠤᠨ ᠥᠩᠭᠡ-ᠭᠠᠩᠵᠣᠷᠢᠭНамрын өнгө-Ганзориг
ᠨᠠᠮᠤᠷ ᠤ᠋ᠨ ᠥᠩᠭᠡ
ᠦᠭᠡ ᠄ ᠣ · ᠴᠠᠷᠠᠨᠲᠠᠨᠲᠠᠪ
ᠠᠶ᠎ᠠ ᠄ ᠯ · ᠮᠦᠷᠲᠣᠷᠵᠢ
ᠳᠠᠭᠤᠴᠢᠨ ᠰ · ᠭᠠᠩᠵᠣᠷᠢᠭ
ᠭᠠᠯᠠᠭᠤᠨ ᠴᠤᠪᠤᠭ᠎ᠠ
ᠬᠦᠪᠦᠷᠡᠭᠰᠡᠨ
ᠭᠣᠣᠯ ᠤ᠋ᠨ ᠤᠰᠤ
ᠨᠢ ᠮᠡᠯᠲᠡᠭᠡᠨᠡᠭᠰᠡᠨ
ᠭᠠᠩᠭᠠᠩ ᠪᠠᠶ᠋ᠢᠭᠠᠯᠢ ᠬᠣᠣᠰᠯᠠᠭᠰᠠᠨ
ᠭᠣᠶᠣᠬᠠᠨ ᠨᠠᠮᠤᠷ ᠤ᠋ᠨ ᠥᠩᠭᠡ ᠶᠤᠮ ᠠ᠋
ᠭᠠᠩᠭᠠᠩ ᠪᠠᠶ᠋ᠢᠭᠠᠯᠢ ᠬᠣᠣᠰᠯᠠᠭᠰᠠᠨ
ᠭᠣᠶᠣᠬᠠᠨ ᠨᠠᠮᠤᠷ ᠤ᠋ᠨ ᠥᠩᠭᠡ ᠶᠦ᠍ᠮ ᠠ᠋
ᠤᠷᠭᠤᠬᠤ ᠨᠠᠷᠠᠨ
ᠲᠥᠭᠡᠨᠡᠭᠰᠡᠨ
ᠤᠰᠤᠨ ᠤ᠋ ᠰᠢᠪᠠᠭᠤᠳ
ᠭᠠᠩᠭᠠᠨᠠᠯᠳᠤᠭᠰᠠᠨ
ᠤᠶᠠᠩᠭ᠎ᠠ
ᠰᠡᠳᠬᠢᠯ ᠳ᠋ᠦ᠍ ᠡᠭᠡᠰᠢᠭᠯᠡᠭᠰᠡᠨ
ᠠᠭᠤᠳᠠᠮ ᠨᠤᠲᠤᠭ ᠤ᠋ᠨ ᠨᠠᠮᠤᠷ
ᠶᠤᠮ ᠠ᠋
ᠤᠶᠠᠩᠭ᠎ᠠ ᠰᠡᠳᠬᠢᠯ
ᠡᠭᠡᠰᠢᠭᠯᠡᠭᠰᠡᠨ
ᠠᠭᠤᠳᠠᠮ ᠨᠤᠲᠤᠭ ᠤ᠋ᠨ ᠨᠠᠮᠤᠷ
ᠶᠤᠮ ᠠ᠋
ᠠᠮᠤ ᠲᠠᠷᠢᠶ᠎ᠠ ᠨᠠᠶ᠋ᠢᠭᠤᠭᠰᠠᠨ
ᠠᠷᠪᠢᠨ ᠰᠦᠷᠦᠭ ᠨᠠᠯᠠᠶ᠋ᠢᠭᠰᠠᠨ
ᠠᠶ᠋ᠢᠷᠠᠭ ᠤ᠋ᠨ ᠠᠮᠲᠠ ᠨᠢ ᠴᠡᠮᠴᠡᠭᠡᠨᠡᠭᠰᠡᠨ
ᠠᠯᠲᠠᠨ ᠨᠠᠮᠤᠷ ᠤ᠋ᠨ ᠰᠢᠮ᠎ᠡ ᠶᠦ᠍ᠮ ᠠ᠋
ᠠᠶ᠋ᠢᠷᠠᠭ ᠤ᠋ᠨ ᠠᠮᠲᠠ ᠨᠢ
ᠴᠡᠮᠴᠡᠭᠡᠨᠡᠭᠰᠡᠨ
ᠠᠯᠲᠠᠨ ᠨᠠᠮᠤᠷ ᠤ᠋ᠨ ᠰᠢᠮ᠎ᠡ ᠶᠦ᠍ᠮ ᠠ᠋
ᠭᠠᠩᠭᠠᠩ ᠪᠠᠶ᠋ᠢᠭᠠᠯᠢ ᠬᠣᠣᠰᠯᠠᠭᠰᠠᠨ
ᠭᠣᠶᠣᠬᠠᠨ ᠨᠠᠮᠤᠷ ᠤ᠋ᠨ ᠥᠩᠭᠡ ᠶᠦ᠍ᠮ ᠠ᠋
ᠦᠰᠦᠭ ᠬᠠᠲᠠᠭᠰᠠᠨ ᠨᠢ ᠄
ᠪᠦᠷᠢᠨ
ᠬᠢᠨᠠᠭᠴᠢ ᠄ ᠣᠳᠬᠤᠩᠬᠤᠸᠠᠷ
