ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –7 Монгол оньсгын түүвэр –Хоёрдугаар бүлэг–7
ᠬᠣᠶᠠᠳᠤᠭᠠᠷ ᠪᠦᠯᠦᠭ – ᠠᠷᠠᠳ ᠦ᠋ᠨ ᠠᠮᠠ ᠪᠠᠷ ᠵᠣᠬᠢᠶᠠᠭᠲᠠᠭᠰᠠᠨ ᠣᠨᠢᠰᠣᠬ᠋᠎ᠠ
ᠬᠥᠭᠵᠢᠮᠳᠡᠵᠦ ᠲᠣᠭᠯᠠᠬᠤ ᠵᠦᠢᠯ
ᠤᠶᠠᠨ ᠳᠠᠭᠤ ᠲᠠᠢ
ᠤᠲᠠᠰᠤᠨ ᠬᠣᠭᠣᠯᠠᠢ ᠲᠠᠢ
( ᠬᠤᠭᠤᠷ )
ᠬᠣᠭᠣᠯᠠᠢ ᠦᠭᠡᠢ ᠪᠠᠶ᠋ᠢᠭᠠᠳ ᠳᠠᠭᠤ ᠲᠠᠢ
ᠰᠣᠨᠣᠰᠬᠤ ᠦᠭᠡᠢ ᠪᠠᠶ᠋ᠢᠭᠠᠳ ᠴᠢᠬᠢ ᠲᠠᠢ
ᠰᠣᠬᠣᠷ ᠪᠠᠶ᠋ᠢᠭᠠᠳ ᠨᠢᠳᠦ ᠲᠠᠢ
ᠰᠤᠮᠤ ᠦᠭᠡᠢ ᠪᠠᠶ᠋ᠢᠭᠠᠳ ᠨᠤᠮᠤ ᠲᠠᠢ
( ᠮᠣᠷᠢᠨ ᠬᠤᠭᠤᠷ )
ᠡᠢᠮᠦ ᠰᠠᠢᠬᠠᠨ ᠬᠡᠦᠬᠡᠨ ᠳᠤ
ᠲᠡᠢᠮᠦ ᠰᠠᠢᠬᠠᠨ ᠴᠢᠬᠢ ᠲᠠᠢ
ᠴᠢᠬᠢ ᠠ᠋ᠴᠠ ᠨᠢ ᠠᠪᠴᠤ ᠲᠠᠲᠠᠪᠠᠯ
ᠵᠢᠭᠲᠡᠢ ᠵᠢᠭᠲᠡᠢ ᠪᠡᠷ ᠳᠤᠤᠭᠠᠷᠤᠨ᠎ᠠ
( ᠬᠤᠭᠤᠷ )
ᠬᠥᠨᠲᠡᠢ ᠲᠣᠯᠤᠭᠠᠢ ᠨᠢ ᠬᠥᠪᠴᠢᠨ ᠳᠦᠷᠦ ᠲᠡᠢ
ᠬᠦᠯᠯᠡᠭᠰᠡᠨ ᠪᠡᠶ᠎ᠡ ᠨᠢ ᠳᠤᠷᠪᠡᠨ ᠴᠢᠬᠢ ᠲᠡᠢ
ᠬᠦᠭᠴᠢ ᠶ᠋ᠢᠨ ᠠᠷᠪᠠ ᠲᠠᠢ ᠨᠠᠷᠭᠢᠬᠤ ᠳᠤᠷᠠᠲᠠᠢ
ᠬᠥᠭᠡᠷᠦᠦ ᠨᠢ ᠬᠥᠲᠡᠯᠪᠡᠯ ᠳᠠᠭᠤᠯᠠᠬᠤ ᠳᠤᠷᠠᠲᠠᠢ
( ᠬᠤᠭᠤᠷ )
ᠬᠥᠨᠲᠡᠢ ᠮᠤᠲᠤ ᠨᠢ ᠬᠦᠩᠭᠢᠨᠡᠵᠦ
ᠬᠥᠨᠲᠡᠯᠡᠨ ᠮᠤᠲᠤ ᠨᠢ ᠨᠠᠶ᠋ᠢᠭᠤᠵᠤ
ᠲᠠᠪᠤᠨ ᠬᠡᠤᠬᠡᠳ ᠨᠠᠭᠠᠤᠠᠴᠤ
ᠲᠠᠭᠠᠲᠠᠢ ᠰᠠᠶ᠋ᠢᠬᠠᠨ ᠳᠠᠭᠤᠯᠠᠨ᠎ᠠ
( ᠮᠣᠷᠢᠨ ᠬᠤᠭᠤᠷ )
ᠵᠣᠬᠢᠶᠠᠨ ᠲᠥᠷᠥᠭᠦᠯᠦᠭᠰᠡᠨ ᠵᠢᠷᠭᠤᠭᠠᠨ ᠠᠩᠬᠢ ᠮᠠᠬᠠᠪᠣᠳ
ᠵᠢᠭᠤᠷᠠᠯᠲᠤᠨ ᠨᠡᠢᠯᠡᠭᠰᠡᠨ ᠳᠤᠷᠪᠠᠨ ᠡᠷᠬᠡᠲᠡᠨ ᠪ ᠰᠤᠲᠠᠰᠤ
ᠵᠦᠷᠢᠴᠡᠯᠲᠦᠨ ᠬᠠᠷᠰᠢᠬᠤ ᠬᠥᠨᠲᠡᠯᠡᠨ ᠬᠠᠷ᠎ᠠ ᠳᠠᠶ᠋ᠢᠰᠤᠨ
ᠵᠣᠪᠠᠯᠠᠩ ᠵᠢᠷᠭᠠᠯᠠᠩ ᠊ᠢ ᠬᠠᠮᠲᠤᠤᠬᠠᠬᠤ ᠤᠷᠠᠨ ᠡᠭᠡᠰᠢᠭ
( ᠬᠤᠭᠤᠷ )
ᠨᠠᠷᠢᠨ ᠭᠣᠣᠯ ᠦ᠋ᠨ ᠬᠥᠪᠡᠭᠡ ᠪᠡᠷ
ᠨᠠᠢ᠍ᠮᠠᠨ ᠬᠡᠤᠬᠡᠨ ᠳᠠᠭᠤᠯᠠᠨ ᠪᠦᠵᠢᠭ᠌ᠯᠡᠨᠡ
( ᠯᠢᠩᠪᠦ )
ᠨᠠᠢ᠍ᠮᠠᠨ ᠶᠠᠪᠤᠲᠠᠯ ᠲᠠᠢ ᠨᠠᠷᠢᠨ ᠰᠢᠷᠬ᠋ᠠ
ᠨᠠᠶ᠋ᠢᠷ ᠬᠥᠭᠵᠢᠮ ᠳ᠋ᠤ᠌ ᠬᠦᠨᠲᠦᠲᠠᠢ ᠰᠢᠷᠬ᠋ᠠ
ᠰᠠᠯᠬᠢ ᠦᠵᠡᠪᠡᠯ ᠰᠣᠴᠢᠨ ᠰᠡᠷᠢᠭᠡᠳ
ᠰᠠᠶ᠋ᠢᠬᠠᠨ ᠡᠭᠡᠰᠢᠭ ᠶ᠋ᠢᠡᠷ ᠬᠦᠮᠦᠰ ᠊ᠢ ᠪᠠᠶᠠᠰᠬᠠᠨ᠎ᠠ
( ᠯᠢᠩᠪᠦ )
ᠨᠠᠷᠢᠨ ᠭᠣᠣᠯ ᠦ᠋ᠨ ᠬᠥᠪᠡᠭᠡ ᠪᠡᠷ
ᠨᠠᠢ᠍ᠮᠠᠨ ᠬᠡᠤᠬᠡᠳ ᠳᠠᠭᠤᠯᠠᠭᠠᠳ ᠭᠠᠷᠬᠤ ᠳ᠋ᠤ᠌
ᠨᠠᠷᠭᠢᠵᠤ ᠪᠠᠶ᠋ᠢᠬᠰᠠᠨ ᠬᠦᠮᠦᠰ
ᠨᠠᠮ ᠭᠦᠮ ᠪᠣᠯᠵᠤ ᠰᠣᠨᠣᠰᠤᠨ᠎ᠠ
( ᠯᠢᠩᠪᠦ ᠦᠯᠢᠶᠡᠬᠦ )
ᠠᠷᠤ ᠶ᠋ᠢᠨ ᠠᠶ᠋ᠢᠯ ᠊ᠢ ᠱᠤᠤᠬᠢᠭᠤᠯᠵᠤ
ᠡᠩᠭᠡᠷ ᠦ᠋ᠨ ᠠᠶ᠋ᠢᠯ ᠊ᠢ ᠦᠢᠮᠡᠭᠦᠯᠦᠭᠡᠳ
ᠡᠷᠡᠰ ᠲᠡᠷᠰ ᠊ᠢ ᠨᠢ ᠢᠨᠢᠶᠡᠯᠭᠡᠵᠦ
ᠡᠯᠢᠭᠡ ᠵᠥᠭᠡᠯᠡᠨ ᠊ᠢ ᠨᠢ ᠣᠬᠢᠯᠠᠭᠤᠯᠲᠠᠭ
( ᠯᠢᠩᠪᠦ ᠶ᠋ᠢᠨ ᠡᠭᠡᠰᠢᠭ᠌ᠯᠡᠭᠡ )
ᠠᠭᠠᠷᠤ ᠽᠠᠨᠲᠠᠨ ᠨᠠᠪᠴᠢ ᠦᠭᠡᠢ ᠬᠠᠭᠤᠷᠠᠢ
ᠠᠷᠰᠯᠠᠨ ᠪ ᠲᠣᠯᠤᠭᠠᠢ ᠲᠠᠷᠢᠬᠢ ᠦᠭᠡᠢ ᠬᠠᠭᠤᠷᠠᠢ
ᠠᠷᠤ ᠶ᠋ᠢᠨ ᠭᠤᠷᠪᠠᠨ ᠰᠤᠲᠠᠯ ᠤᠰᠤ ᠦᠭᠡᠢ ᠬᠠᠭᠤᠷᠠᠢ
( ᠱᠠᠨᠵᠠ )
ᠦᠨᠲᠦᠷ ᠮᠤᠲᠤᠨ ᠪ ᠦᠨᠲᠦᠰᠦ
ᠥᠷᠯᠦᠭ ᠪᠠᠭᠠᠲᠤᠷ ᠦ᠋ᠨ ᠰᠢᠨᠲᠠᠰᠤ
ᠬᠠᠭᠤᠷᠠᠢ ᠭᠤᠤᠯ ᠦ᠋ᠨ ᠪᠤᠷᠭᠠᠰᠤ
ᠬᠤᠯᠤᠰᠤᠨ ᠮᠤᠲᠤᠨ ᠪ ᠵᠠᠭᠠᠲᠠᠰᠤ
ᠵᠠᠭᠠᠨ ᠪ ᠭᠤᠤᠯ ᠦ᠋ᠨ ᠰᠢᠨᠲᠠᠰᠤ
ᠰᠠᠶ᠋ᠢᠲᠤ ᠶ᠋ᠢᠨ ᠡᠷᠲᠡᠮ ᠡᠭᠦᠨ ᠊ᠢ ᠳᠠᠭᠠᠬᠤ ᠳ᠋ᠤ᠌ ᠪᠡᠷᠬᠡ
( ᠶᠠᠲᠤᠬ᠋ᠠ )
ᠠᠭᠠᠷᠤ ᠽᠠᠨᠲᠠᠨ ᠮᠣᠲᠣ
ᠨᠠᠪᠴᠢ ᠦᠭᠡᠢ ᠮᠢᠲᠠᠭᠠᠷ
ᠠᠪᠤᠷᠭᠤ ᠮᠣᠭᠠᠢ ᠶ᠋ᠢᠨ ᠠᠷᠠᠰᠤ
ᠠᠲᠤᠷᠢᠶ᠎ᠠ ᠦᠭᠡᠢ ᠳᠣᠯᠢᠭᠠᠷ
( ᠱᠠᠨᠵᠠ )
ᠨᠢᠲᠤᠷᠬ᠋ᠠ ᠶ᠋ᠢᠨ ᠴᠢᠨᠡᠭᠡ ᠪᠡᠶ᠎ᠡ ᠲᠡᠢ
ᠨᠤᠲᠤᠭ ᠳᠦᠭᠦᠷᠡᠩ ᠳᠠᠭᠤ ᠲᠠᠢ
( ᠳᠤᠩ )
ᠪᠠᠷᠠᠭᠤᠨᠲᠠᠢ ᠠ᠋ᠴᠠ ᠢᠷᠡᠭᠰᠡᠨ
ᠪᠠᠷᠬᠢᠷᠠᠬ᠋ᠠ ᠴᠠᠭᠠᠨ ᠳᠣᠷᠤᠮ
(ᠳᠤᠩ )
ᠨᠠᠷᠢᠨ ᠳᠤᠭᠤᠢ ᠠᠮᠠ ᠲᠠᠢ
ᠨᠠᠢ᠍ᠮᠠᠨ ᠳᠠᠪᠬᠤᠷ ᠬᠠᠭᠠᠯᠬ᠋ᠠ ᠲᠠᠢ
ᠬᠣᠩᠭᠣᠷ ᠰᠠᠶ᠋ᠢᠬᠠᠨ ᠳᠠᠭᠤ ᠲᠠᠢ
ᠬᠣᠶᠠᠷ ᠳᠠᠪᠬᠤᠷ ᠵᠢᠩᠰᠡ ᠲᠡᠢ
( ᠪᠦᠷᠢᠶ᠎ᠡ )
ᠰᠦᠬᠡ ᠶ᠋ᠢᠨ ᠴᠢᠨᠡᠭᠡ ᠪᠡᠶ᠎ᠡ ᠲᠠᠢ
ᠰᠦᠨ ᠳᠠᠯᠠᠢ ᠳᠠᠭᠤ ᠲᠠᠢ
( ᠪᠦᠷᠢᠶ᠎ᠡ )
ᠳᠠᠩ ᠭᠠᠤᠯᠢ
ᠳᠠᠪᠬᠤᠷ ᠭᠠᠤᠯᠢ
ᠱᠠᠷ ᠦ᠋ᠨ ᠡᠪᠡᠷ
ᠱᠠᠲᠤᠨ · ᠭᠠᠤᠯᠢ
( ᠪᠢᠰᠬᠢᠭᠦᠷ )
ᠪᠠᠷᠠᠭᠤᠨ ᠭᠠᠵᠠᠷ ᠦ᠋ᠨ
ᠪᠠᠷᠬᠢᠷᠠᠬ᠋ᠠ ᠴᠠᠭᠠᠨ ᠲᠡᠮᠡᠭᠡ
ᠪᠠᠶ᠋ᠢᠨ ᠪᠠᠶ᠋ᠢᠨ ᠪᠣᠶ᠋ᠢᠯᠠᠵᠤ
ᠪᠠᠨᠲᠢ ᠶ᠋ᠢᠨ ᠬᠦᠷᠢᠶ᠎ᠡ ᠲᠠᠲᠠᠨ᠎ᠠ
( ᠳᠤᠩ )
ᠴᠠᠭᠠᠨ ᠦᠬᠡᠷ
ᠴᠠᠪᠢ ᠪᠠᠷ ᠶ᠋ᠢᠠᠨ ᠮᠥᠭᠡᠷᠡᠨ᠎ᠡ
( ᠳᠤᠩ )
ᠢᠰᠡᠭᠡᠢ ᠮᠠᠯᠠᠭᠠᠢ ᠲᠠᠢ ᠬᠦᠦ
ᠡᠴᠢᠭᠡ ᠪᠡᠨ ᠪᠠᠷᠢᠨ ᠪᠠᠷᠢᠨ ᠵᠣᠲᠤᠨᠠ
( ᠬᠡᠩᠭᠡᠷᠭᠡ ᠶ᠋ᠢᠨ ᠳᠣᠬᠢᠭᠤᠷ )
ᠬᠥᠬᠡ ᠮᠥᠩᠭᠥᠨ ᠲᠡᠭᠷᠢ ᠭᠦᠷ ᠭᠦᠷ ᠭᠡᠵᠦ
ᠬᠦᠵᠦᠭᠦᠦ ᠠᠯᠠᠭ ᠨᠣᠬᠠᠢ ᠳᠠᠪ ᠳᠠᠪ ᠭᠡᠨ᠎ᠡ
( ᠬᠡᠩᠭᠡᠷᠭᠡ ᠳᠡᠯᠡᠳᠬᠦ )
ᠬᠥᠨᠲᠡᠢ ᠬᠠᠨᠲᠢ ᠡᠴᠢᠭᠡ ᠲᠡᠢ
ᠤᠤᠬᠢᠬ᠋ᠠ ᠰᠤᠤᠬᠢᠬ᠋ᠠ ᠡᠬᠡ ᠲᠡᠢ
ᠪᠣᠶ᠋ᠢᠲᠣᠭ ᠲᠣᠯᠣᠭᠠᠢ ᠬᠦᠦ ᠲᠡᠢ
( ᠬᠡᠩᠭᠡᠷᠭᠡ ᠴᠠᠩ ᠳᠣᠬᠢᠭᠤᠷ )
ᠠᠷᠤ ᠶ᠋ᠢᠨ ᠬᠤᠤᠠᠲᠤᠭ ᠤᠰᠤ ᠦᠭᠡᠢ ᠬᠠᠭᠤᠷᠠᠢ
ᠠᠷᠰᠯᠠᠨ ᠪ ᠲᠣᠯᠤᠭᠠᠢ ᠴᠢᠰᠤ ᠦᠭᠡᠢ ᠬᠠᠭᠤᠷᠠᠢ
( ᠬᠡᠩᠭᠡᠷᠭᠡ )
ᠳᠡᠭᠳᠡᠭᠡᠷ ᠪᠦᠲᠦᠭᠦᠨ ᠪᠡᠶ᠎ᠡ ᠲᠡᠢ
ᠲᠥᠷᠦᠯᠬᠢ ᠡᠲᠡᠭᠡᠳ ᠵᠠᠩ ᠲᠠᠢ
ᠵᠣᠲᠣᠪᠠᠯ ᠳᠤᠤᠭᠠᠷᠬᠤ ᠠ᠋ᠴᠠ ᠪᠢᠰᠢ
ᠵᠣᠷᠢᠬ ᠶ᠋ᠢᠠᠷ ᠶ᠋ᠢᠠᠨ ᠶᠡᠷᠤ ᠳᠤᠤᠭᠠᠷᠳᠠᠭ ᠦᠭᠡᠢ
( ᠬᠡᠩᠭᠡᠷᠭᠡ )
ᠬᠦᠦ ᠨᠢ ᠠᠪᠤ ᠪᠠᠨ ᠬᠥᠪᠲᠡᠨᠡ ( ᠴᠣᠬᠢᠬᠤ )
ᠡᠬᠡ ᠨᠢ ᠥᠪᠡᠷ ᠊ᠢ ᠪᠡᠨ ᠬᠥᠪᠲᠡᠨᠡ
( ᠬᠡᠩᠭᠡᠷᠭᠡ ᠴᠠᠩ ᠴᠣᠬᠢᠬᠤ )
ᠭᠡᠲᠡᠭᠡᠷ ᠪᠠᠨᠲᠢ ᠶ᠋ᠢᠨ
ᠲᠣᠯᠤᠭᠠᠢ ᠨᠢ ᠶᠡᠬᠡ
( ᠬᠡᠩᠭᠡᠷᠭᠡ ᠶ᠋ᠢᠨ ᠳᠣᠬᠢᠭᠤᠷ )
ᠴᠢᠮᠬᠢᠬᠦ ᠮᠢᠬ᠎ᠠ ᠦᠭᠡᠢ
ᠴᠢᠰ ᠬᠢᠭᠰᠡᠨ ᠳᠠᠭᠤ ᠲᠠᠢ
( ᠴᠠᠩ )
ᠬᠡᠨᠲᠡᠨ ᠪᠠᠨᠲᠢ
ᠭᠡᠲᠡᠰᠦ ᠪᠡᠷ ᠶ᠋ᠢᠠᠨ ᠳᠤᠤᠭᠠᠷᠳᠠᠭ
( ᠳᠠᠮᠠᠷᠤ )
ᠠᠯᠠᠭ ᠪᠠᠯᠠᠭ ᠪᠡᠶ᠎ᠡ ᠳ᠋ᠡᠭᠡᠨ
ᠠᠷᠠᠰᠤᠨ ᠨᠢᠭᠤᠷ ᠬᠠᠲᠠᠵᠤ
ᠠᠬ᠎ᠠ ᠳᠡᠭᠦᠦ ᠬᠣᠶᠠᠭᠤᠯᠠ ᠪᠠᠨ
ᠠᠳᠠᠯᠢ ᠴᠠᠭ ᠲᠤ ᠵᠥᠷᠢᠯᠳᠦᠨᠡ
( ᠳᠠᠮᠠᠷᠤ)
ᠳ᠋ᠡ ᠯᠠᠮᠠ ᠶ᠋ᠢᠨ ᠡᠮᠦᠨ᠎ᠡ
ᠳᠠᠯᠤ ᠴᠢᠮᠥᠭᠡ ᠬᠣᠶᠠᠷ
( ᠲᠠᠮᠠᠷᠥ ᠬᠤᠩᠬ᠎ᠠ )
ᠬᠠᠪᠠ ᠨᠣᠬᠠᠢ
ᠲᠡᠮᠦᠷ ᠬᠡᠯᠡ ᠲᠡᠢ
( ᠬᠤᠩᠬ᠎ᠠ )
ᠠᠯᠢᠶ᠎ᠠ ᠯᠠᠮᠠ
ᠠᠯᠠ ᠪᠠᠷ ᠢᠶ᠋ᠠᠨ ᠨᠠᠭᠠᠳᠤᠨ᠎ᠠ
( ᠬᠤᠩᠬ᠎ᠠ )
ᠲᠦᠪ ᠪᠡᠶ᠎ᠡ ᠲᠡᠢ
ᠲᠡᠮᠦᠷ ᠬᠡᠯᠡ ᠲᠡᠢ
( ᠬᠤᠩᠬ᠎ᠠ )
ᠴᠢᠩ ᠴᠢᠩ ᠳᠠᠭᠤ ᠲᠠᠢ
ᠴᠢᠮᠬᠢᠬᠦ ᠮᠢᠬ᠎ᠠ ᠦᠭᠡᠢ
ᠴᠡᠷᠳᠡᠬᠡᠷ ᠬᠦᠬᠡ ᠬᠦᠦ
( ᠬᠤᠩᠬ᠎ᠠ )
ᠬᠦᠮᠦᠨ ᠭᠡᠬᠦ ᠳ᠋ᠤ᠌ ᠲᠣᠯᠣᠭᠠᠢ ᠦᠭᠡᠢ
ᠬᠦᠬᠦᠷ ᠭᠡᠬᠦ ᠳ᠋ᠤ᠌ ᠢᠷᠣᠭᠠᠷ ᠦᠭᠡᠢ
( ᠬᠤᠩᠬ᠎ᠠ )
ᠪᠠᠷᠲᠠᠭ᠎ᠠ ᠲᠠᠢ ᠭᠠᠵᠠᠷ
ᠪᠠᠷᠰ ᠬᠦᠷᠬᠢᠷᠡᠵᠦ
ᠪᠠᠶᠠᠨ ᠵᠢᠷᠦᠬᠡ ᠳ᠋ᠤ᠌
ᠨᠣᠬᠠᠢ ᠬᠤᠴᠠᠨ᠎ᠠ
( ᠬᠤᠩᠬ᠎ᠠ ᠲᠠᠮᠠᠷᠥ ᠬᠡᠩᠭᠡᠷᠭᠡ )
ᠳᠥᠷᠪᠡᠯᠵᠢᠨ ᠪᠠᠶ᠋ᠢᠭᠠᠳ
ᠲᠦᠷᠦ ᠪᠤᠯᠢᠶᠠᠯᠳᠤᠳᠠᠭ
ᠲᠥᠷᠥᠭᠰᠡᠨ ᠪᠡᠶ᠎ᠡ ᠳ᠋ᠡᠭᠡᠨ
ᠤᠬᠠᠭᠠᠨ ᠪᠤᠯᠢᠶᠠᠯᠳᠤᠳᠠᠭ
( ᠰᠢᠲᠠᠷ᠎ᠠ )
ᠠᠪᠴᠤ ᠢᠳᠡᠪᠡᠴᠦ ᠠᠮᠠ ᠦᠭᠡᠢ
ᠠᠯᠬᠤᠵᠤ ᠶᠠᠪᠤᠪᠠᠴᠤ ᠬᠥᠯ ᠦᠭᠡᠢ
ᠠᠯᠠᠯᠳᠤᠵᠤ ᠪᠠᠶ᠋ᠢᠪᠠᠴᠤ ᠴᠢᠰᠤ ᠦᠭᠡᠢ
ᠠᠯᠳᠠᠵᠤ ᠬᠣᠨᠵᠢᠪᠠᠴᠤ ᠰᠡᠳᠬᠢᠯ ᠦᠭᠡᠢ
(ᠰᠢᠲᠠᠷ᠎ᠠ )
ᠵᠢᠷᠠᠭᠠᠬᠠᠢ ᠴᠠᠭᠠᠨ ᠠᠳᠤᠭᠤ
ᠵᠢᠷᠠᠨ ᠨᠢᠭᠡᠨ ᠪᠠᠭᠤᠳᠠᠯ ᠲᠠᠢ
ᠲᠡᠭᠦᠨ ᠢ ᠳᠠᠭᠠᠭᠰᠠᠨ ᠬᠥᠪᠡᠭᠦᠨ
ᠪᠤᠭᠤᠷᠤᠯ ᠮᠣᠷᠢᠨ ᠠ᠋ᠴᠠ ᠪᠠᠭᠤᠵᠤ
ᠪᠤᠯᠠᠭᠠᠨ ᠬᠦᠷᠮ᠎ᠡ ᠳᠡᠶ᠋ᠢᠯᠦᠨᠡ
ᠰᠠᠷᠠᠯ ᠮᠣᠷᠢᠨ ᠠ᠋ᠴᠠ ᠪᠠᠭᠤᠵᠤ
ᠬᠠᠷ᠎ᠠ ᠬᠦᠷᠮ᠎ᠡ ᠪᠡᠨ ᠳᠡᠶ᠋ᠢᠯᠦᠨᠡ
( ᠰᠢᠲᠠᠷ᠎ᠠ )
ᠵᠠᠩᠵᠤᠨ ᠲᠦᠰᠢᠮᠡᠯ ᠬᠤᠶᠠᠭ ᠴᠡᠷᠢᠭ
ᠭᠤᠴᠢᠨ ᠬᠣᠶᠠᠷ ᠬᠤᠷᠠᠵᠤ ᠴᠤᠭᠯᠠᠷᠠᠭᠠᠳ
ᠵᠢᠷᠠᠨ ᠳᠥᠷᠪᠡᠨ ᠪᠠᠷ᠎ᠠ ᠶ᠋ᠢᠨ ᠭᠠᠵᠠᠷ
ᠬᠣᠶᠠᠷ ᠭᠠᠷᠯᠠᠨ ᠡᠰᠡᠷᠭᠦᠴᠡᠯᠳᠦᠨ ᠵᠢᠬᠰᠠᠭᠠᠳ
ᠵᠢᠭᠤᠷᠠᠯᠳᠤᠨ ᠪᠠᠶ᠋ᠢᠯᠲᠤᠬᠤ
ᠶᠡᠬᠡ ᠳᠠᠶ᠋ᠢᠨ ᠢ
ᠬᠠᠷᠢᠯᠴᠠᠨ ᠵᠠᠷᠯᠠᠭᠠᠳ
ᠵᠢᠷᠭᠠᠯ ᠢ ᠲᠠᠲᠠᠨ ᠵᠣᠪᠠᠯᠠᠩ ᠢ ᠲᠦᠯᠬᠢᠵᠦ
ᠪᠠᠶ᠋ᠢᠯᠳᠤᠨ ᠲᠡᠮᠡᠴᠡᠨ᠎ᠡ
( ᠰᠢᠲᠠᠷ᠎ᠠ ᠨᠠᠭᠠᠳᠬᠤ )
ᠠᠭᠤᠯᠠ ᠦᠭᠡᠢ ᠲᠠᠯ᠎ᠠ
ᠤᠰᠤ ᠦᠭᠡᠢ ᠭᠠᠵᠠᠷ
ᠰᠦᠨᠡᠰᠦ ᠦᠭᠡᠢ ᠨᠣᠶᠠᠨ
ᠴᠢᠰᠤ ᠦᠭᠡᠢ ᠪᠠᠶ᠋ᠢᠯᠲᠤᠭᠠᠨ
( ᠰᠢᠲᠠᠷ᠎ᠠ ᠨᠠᠭᠠᠤᠠᠬᠤ )
ᠢᠲᠡᠪᠡᠴᠦ ᠠᠮᠠ ᠪᠠᠨ ᠬᠡᠷᠡᠭᠯᠡᠬᠦ ᠦᠭᠡᠢ
ᠶᠠᠪᠤᠪᠠᠴᠤ ᠬᠥᠯ ᠶ᠋ᠢᠡᠨ ᠬᠡᠷᠡᠭᠯᠡᠬᠦ ᠦᠭᠡᠢ
ᠭᠣᠣᠯ ᠲᠠᠢ ᠪᠣᠯᠪᠠᠴᠤ ᠤᠰᠤ ᠦᠭᠡᠢ
ᠭᠣᠮᠣᠲᠠᠯ ᠲᠠᠢ ᠪᠣᠯᠪᠠᠴᠤ ᠨᠢᠯᠪᠤᠰᠤ ᠦᠭᠡᠢ
( ᠰᠢᠲᠠᠷ᠎ᠠ ᠨᠠᠭᠠᠤᠠᠬᠤ )
ᠵᠢᠷᠠᠨ ᠳᠥᠷᠪᠡᠨ ᠬᠤᠪᠢᠶᠠᠷᠢ ᠲᠠᠢ
ᠠᠭᠤᠯᠠ ᠲᠠᠯ᠎ᠠ ᠶ᠋ᠢ ᠲᠡᠮᠡᠴᠡᠭᠴᠢ
ᠵᠢᠬᠰᠠᠭᠠᠯ ᠦ᠋ᠨ ᠳᠣᠯᠣᠭᠠᠨ ᠢᠷᠪᠢᠰ
ᠨᠠᠢ᠍ᠮᠠᠨ ᠪᠠᠮᠪᠠᠷ ᠊ᠢ ᠬᠥᠭᠵᠢᠭᠦᠯᠦᠭᠴᠢ
ᠵᠢᠷᠭᠠᠯᠲᠤ ᠡᠨᠡ ᠬᠣᠶᠠᠷ ᠶᠢᠷᠲᠢᠨᠴᠦ ᠳ᠋ᠤ᠌
ᠬᠣᠣᠰ ᠦᠭᠡᠢ ᠳᠠᠶ᠋ᠢᠨ
( ᠰᠢᠲᠠᠷ᠎ᠠ ᠨᠠᠭᠠᠤᠠᠬᠤ )
ᠳᠡᠭᠡᠷ᠎ᠡ ᠡᠴᠡ ᠨᠢ ᠬᠠᠷᠠᠬᠤ
ᠳᠡᠨᠵᠢ ᠶ᠋ᠢᠨ ᠬᠣᠲᠠ ᠰᠢᠭ᠋
ᠳᠡᠷᠭᠡᠳᠡ ᠡᠴᠡ ᠨᠢ ᠬᠠᠷᠠᠬᠤ ᠳ᠋ᠤ᠌
ᠵᠢᠷᠠᠨ ᠵᠠᠮ ᠰᠢᠭ᠋
ᠬᠠᠭᠠᠯᠬ᠋ᠠ ᠪᠠᠷ ᠨᠢ ᠬᠠᠷᠠᠬᠤ ᠳ᠋ᠤ᠌
ᠬᠠᠪᠲᠠᠭᠠᠢ ᠪᠠᠩᠵᠠ ᠰᠢᠭ᠋
( ᠰᠢᠲᠠᠷ᠎ᠠ ᠶ᠋ᠢᠨ ᠬᠥᠯᠭᠡ )
ᠵᠠᠷᠯᠢᠬ ᠦ᠋ᠨ ᠬᠣᠶᠠᠷ ᠰᠠᠶ᠋ᠢᠳ
ᠲᠤᠰ ᠲᠤᠰ ᠦ᠋ᠨ ᠣᠷᠣᠨ ᠳ᠋ᠤᠷ ᠰᠠᠭᠤᠵᠤ
ᠵᠢᠪᠬᠤᠯᠠᠩᠲᠤ ᠬᠣᠶᠠᠷ ᠪᠠᠭᠠᠲᠤᠷ ᠲᠡᠷᠢᠭᠦᠯᠡᠨ
ᠵᠢᠬᠰᠠᠭᠠᠯ ᠦ᠋ᠨ ᠬᠣᠷᠢᠨ ᠨᠠᠢ᠍ᠮᠠᠨ ᠴᠡᠷᠢᠭ ᠊ᠢ
ᠥᠪᠡᠷ ᠥᠪᠡᠷ ᠦ᠋ᠨ ᠡᠲᠡᠭᠡᠳ ᠲᠤᠷ ᠪᠡᠯᠡᠤᠠᠬᠡᠵᠦ
ᠵᠢᠷᠠᠨ ᠳᠥᠷᠪᠡᠨ ᠬᠣᠲᠠ ᠪᠠᠯᠭᠠᠳ ᠊ᠢ
ᠲᠡᠮᠡᠴᠡᠯᠲᠦᠨ ᠪᠠᠶ᠋ᠢᠯᠲᠤᠮᠤᠢ
( ᠰᠢᠲᠠᠷ᠎ᠠ )
ᠵᠢᠩᠰᠡ ᠦᠭᠡᠢ ᠨᠣᠶᠠᠨ
ᠵᠡᠪᠰᠡᠭ ᠦᠭᠡᠢ ᠵᠠᠩᠵᠤᠨ
ᠬᠦᠨᠡᠰᠦ ᠦᠭᠡᠢ ᠴᠡᠷᠢᠭ
ᠴᠢᠰᠤ ᠦᠭᠡᠢ ᠪᠠᠶ᠋ᠢᠯᠲᠤᠭᠠᠨ
( ᠰᠢᠲᠠᠷ᠎ᠠ )
ᠡᠷᠡᠬᠡᠢ ᠶ᠋ᠢᠨ ᠴᠢᠨᠡᠭᠡ ᠪᠡᠶ᠎ᠡ ᠲᠡᠢ
ᠡᠷᠬᠢᠮ ᠵᠢᠷᠭᠤᠭᠠᠨ ᠲᠠᠯ᠎ᠠ ᠲᠠᠢ
( ᠱᠠᠬ᠋ᠠ )
ᠳᠥᠷᠪᠡᠨ ᠰᠠᠶ᠋ᠢᠬᠠᠨ ᠴᠣᠯᠠ ᠲᠠᠢ
ᠳᠥᠷᠪᠡᠯᠵᠢᠨ ᠰᠠᠶ᠋ᠢᠬᠠᠨ ᠪᠡᠶ᠎ᠡ ᠲᠡᠢ
( ᠱᠠᠬ᠋ᠠ )
ᠲᠠᠷᠭᠤᠨ ᠴᠠᠭᠠᠨ ᠪᠤᠬ᠎ᠠ ᠪᠠᠶ᠋ᠢᠨ᠎ᠠ
ᠲᠠᠷᠲᠠᠭᠠᠢ ᠴᠠᠭᠠᠨ ᠬᠤᠴᠠ ᠪᠠᠶ᠋ᠢᠨ᠎ᠠ
ᠣᠷᠣᠬ᠋ᠠ ᠴᠠᠭᠠᠨ ᠠᠵᠢᠷᠬ᠋ᠠ ᠪᠠᠶ᠋ᠢᠨ᠎ᠠ
ᠣᠩᠭᠣᠨ ᠴᠠᠭᠠᠨ ᠪᠤᠤᠷ᠎ᠠ ᠪᠠᠶ᠋ᠢᠨ᠎ᠠ
( ᠱᠠᠬ᠋ᠠ )
ᠡᠷᠬᠡ ᠰᠢᠷ᠎ᠠ ᠳᠠᠬ᠋ᠠ
ᠡᠷ᠎ᠡ ᠶ᠋ᠢᠨ ᠭᠤᠷᠪᠠᠨ ᠰᠢᠨᠵᠢ ᠲᠡᠢ
( ᠱᠠᠬ᠋ᠠ )
ᠳᠥᠷᠪᠡᠯᠵᠢᠨ ᠪᠢᠰᠢ ᠪᠠᠶ᠋ᠢᠲᠠᠯ᠎ᠠ
ᠳᠥᠷᠪᠡᠨ ᠥᠨᠴᠥᠭ ᠲᠡᠢ
( ᠱᠠᠬ᠋ᠠ )
ᠣᠭᠲᠠᠷᠭᠤᠢ ᠳ᠋ᠤ᠌ ᠭᠠᠷᠴᠤ ᠪᠠᠶ᠋ᠢᠬ᠋᠎ᠠ ᠶᠤᠮ ᠰᠢᠭ᠋
ᠣᠯᠠᠨ ᠠᠲᠤᠭᠤ ᠬᠤᠷᠢᠶᠠᠵᠤ ᠪᠠᠶ᠋ᠢᠬ᠋᠎ᠠ ᠶᠤᠮ ᠰᠢᠭ᠋
ᠠᠯᠲᠠᠨ ᠳᠡᠯᠡᠬᠡᠢ ᠶ᠋ᠢ ᠰᠠᠮᠨᠠᠵᠤ ᠪᠠᠶ᠋ᠢᠬ᠋᠎ᠠ ᠶᠤᠮ ᠰᠢᠭ᠋
ᠠᠪᠤ ᠡᠵᠢ ᠶ᠋ᠢᠨ ᠥᠮᠴᠢ ᠶ᠋ᠢ ᠬᠤᠪᠢᠶᠠᠵᠤ ᠪᠠᠶ᠋ᠢᠬ᠋᠎ᠠ ᠶᠤᠮ ᠰᠢᠭ᠋
( ᠱᠠᠬ᠋ᠠ ᠪᠠᠷ ᠨᠠᠭᠠᠤᠠᠬᠤ )
ᠡᠪᠡᠰᠦ ᠦᠭᠡᠢ ᠲᠠᠯ᠎ᠠ ᠳ᠋ᠤ᠌
ᠴᠢᠰᠤ ᠦᠭᠡᠢ ᠵᠡᠭᠡᠷ᠎ᠡ ᠶ᠋ᠢ
ᠳᠠᠷᠢ ᠦᠭᠡᠢ ᠰᠤᠮᠤ ᠪᠠᠷ ᠬᠠᠷᠪᠤᠨ᠎ᠠ
( ᠱᠠᠬ᠋ᠠ ᠬᠠᠷᠪᠤᠬᠤ )
ᠡᠷᠡᠬᠡᠢ ᠶ᠋ᠢᠨ ᠴᠢᠨᠡᠭᠡ ᠪᠡᠶ᠎ᠡ ᠲᠡᠢ
ᠡᠷ᠎ᠡ ᠬᠣᠩᠭᠣᠷ ᠳᠠᠭᠤ ᠲᠠᠢ
( ᠫᠤᠤᠵᠢᠩ )
ᠲᠥᠭᠡ ᠴᠢᠨᠡᠭᠡ ᠪᠡᠶ᠎ᠡ ᠲᠡᠢ
ᠲᠦᠮᠡᠨ ᠳᠠᠪᠬᠤᠷ ᠬᠤᠶᠠᠭ ᠲᠠᠢ
ᠳᠦᠩ ᠭᠡᠵᠦ ᠳᠤᠤᠭᠠᠷᠤᠮᠠᠭᠴᠠ
ᠲᠥᠷᠥᠭᠰᠡᠨ ᠪᠡᠶ᠎ᠡ ᠪᠡᠨ ᠰᠦᠢᠤᠠᠬᠡᠨᠡ
( ᠫᠤᠤᠵᠢᠩ )
ᠥᠴᠦᠬᠡᠨ ᠨᠠᠷᠢᠨ ᠪᠡᠶ᠎ᠡ ᠲᠡᠢ
ᠥᠩᠭᠡ ᠪᠦᠷᠢ ᠶ᠋ᠢᠨ ᠳᠡᠪᠡᠯ ᠲᠡᠢ
ᠦᠢᠯᠡ ᠶ᠋ᠢᠨ ᠦᠷ᠎ᠡ ᠲᠣᠬᠢᠶᠠᠯᠲᠤᠵᠤ
ᠦᠵᠡᠵᠦ ᠬᠠᠷᠠᠬᠤ ᠶ᠋ᠢᠨ ᠵᠠᠪ ᠦᠭᠡᠢ
ᠦᠯᠢᠶᠡᠬᠦ ᠬᠦᠴᠦᠨ ᠳ᠋ᠤ᠌ ᠳᠡᠯᠪᠡᠷᠡᠨ
ᠦᠨᠡᠰᠦᠨ ᠲᠣᠪᠷᠠᠭ ᠪᠣᠯᠪᠠ
( ᠫᠤᠤᠵᠢᠩ )
ᠠᠭᠤᠯᠠᠨ ᠳ᠋ᠤ᠌ ᠪᠠᠶ᠋ᠢᠬᠤ ᠳ᠋ᠠᠭᠠᠨ ᠮᠣᠲᠣ ᠰᠢᠭ᠋
ᠠᠭᠤᠯᠠ ᠠ᠋ᠴᠠ ᠪᠠᠭᠤᠬᠤ ᠳ᠋ᠠᠭᠠᠨ ᠮᠣᠷᠢ ᠰᠢᠭ᠋
( ᠴᠠᠨ᠎ᠠ )
ᠦᠰᠦᠭ ᠠᠮᠢᠯᠠᠭᠤᠯᠤᠭᠴᠢ ᠄ ᠣᠶᠤᠨᠲᠤᠨᠠᠯ ᠂ ᠳ᠋ᠦ᠋ᠩ ᠹᠧᠩ ᠂ ᠮᠢᠩᠭᠠᠳ · ᠴᠢᠮᠡᠭ
ᠬᠢᠨᠠᠭᠴᠢ ᠄ ᠬᠠᠷᠠᠨᠤᠳ · ᠲᠤᠶᠠᠭ᠎ᠠ ᠂ ᠮᠢᠩᠭᠠᠳ · ᠴᠢᠮᠡᠭ
