ᠮᠣᠲᠣᠴᠢᠨ ᠰᠠᠨᠲᠠᠭ Модчин сандаг ᠬᠡᠦᠬᠡᠳ ᠦ᠋ᠨ ᠨᠡᠪᠲᠡᠷᠡᠭᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠲᠣᠴᠢᠨ ᠰᠠᠨᠲᠠᠭ Модчин сандаг

ᠮᠣᠲᠣᠴᠢᠨ ᠰᠠᠨᠲᠠᠭ Модчин сандаг

ᠮᠣᠲᠣᠴᠢᠨ ᠰᠠᠨᠲᠠᠭ


     ᠮᠣᠲᠣᠴᠢᠨ ᠰᠠᠨᠲᠠᠭ ᠦ᠋ᠨ ᠲᠡᠷᠭᠡ ᠨᠢ ᠡᠪᠲᠡᠷᠡᠭᠡᠳ ᠪᠣᠯᠬᠤ ᠪᠠᠨ ᠪᠠᠶ᠋ᠢᠵᠠᠢ ᠃ ᠨᠢᠭᠡ ᠡᠲᠦᠷ ᠵᠠᠰᠠᠬᠤ ᠭᠡᠵᠦ  ᠣᠷᠣᠯᠲᠣᠵᠠᠢ ᠭᠡᠨ᠎ᠡ ᠃ ᠡᠬᠢᠯᠡᠭᠡᠳ ᠨᠢᠭᠡ  ᠲᠡᠩᠬᠡᠯᠢᠭ ① ᠬᠢᠶ᠎ᠡ ᠭᠡᠳ ᠪᠦᠲᠦᠨ ᠰᠠᠶ᠋ᠢᠬᠠᠨ ᠳ᠋ᠦ᠋ᠨᠵᠡ ②  ᠶ᠋ᠢ ᠴᠠᠪᠴᠢᠵᠤ ᠡᠲᠦᠷᠵᠢᠨ ᠣᠷᠣᠯᠲᠣᠪᠠ ᠭᠡᠨ᠎ᠡ ᠃ ᠣᠷᠣᠢ ᠪᠣᠯᠲᠠᠯ᠎ᠠ ᠴᠠᠪᠴᠢᠭᠠᠳ ᠲᠡᠷᠭᠡᠨ  ᠲᠡᠩᠬᠡᠯᠢᠭ ᠴᠤ᠌  ᠪᠢᠰᠢ ᠂ ᠶᠠᠭᠤ ᠴᠤ᠌ ᠪᠢᠰᠢ ᠶᠠᠭᠤᠮ᠎ᠠ ᠪᠣᠯᠭᠠᠵᠠᠢ ᠃
    《 ᠵᠠ ᠂ ᠲᠡᠭᠡᠪᠡᠯ ᠡᠨᠡ ᠮᠠᠭᠤ ᠮᠣᠲᠣ ᠪᠠᠷ ᠨᠢᠭᠡ ᠰᠠᠶ᠋ᠢᠬᠠᠨ  ᠰᠦᠬᠡᠨ ᠪ ᠡᠰᠢ  ᠬᠢᠭᠡᠳ ᠠᠪᠤᠶ᠎ᠠ 》 ᠭᠡᠵᠦ ᠵᠠᠯᠭᠠᠭᠠᠳ ᠴᠠᠪᠴᠢᠬᠰᠠᠨ ᠭᠡᠨ᠎ᠡ ᠃ ᠪᠦᠷᠦᠢ ᠪᠣᠯᠬᠤ  ᠳ᠋ᠤ᠌ ᠪᠠᠰᠠ ᠶᠠᠭᠤ ᠴᠤ᠌ ᠪᠢᠰᠢ ᠶᠠᠭᠤᠮ᠎ᠠ ᠪᠣᠯᠵᠠᠢ ᠃  《 ᠶᠠᠭᠠᠬᠢᠬᠰᠠᠨ ᠠᠶ᠋ᠢᠬᠤᠪᠲᠤᠷ ᠵᠣᠯᠢᠬ ᠪᠤᠢ ?  ᠵᠠᠪᠠᠯ ᠨᠢᠭᠡ ᠶᠠᠭᠤᠮ᠎ᠠ ᠬᠢᠨ᠎ᠡ ᠳ᠋ᠡ 》 ᠭᠡᠵᠦ ᠪᠣᠲᠣᠭᠠᠳ ᠂ 《 ᠣᠲᠣ ᠨᠢᠭᠡ ᠠᠶᠠᠲᠠᠶ᠋ᠢᠬᠠᠨ ᠡᠭᠡᠷᠡᠭᠦᠯ ③   ᠬᠢᠴᠢᠬᠡᠶ᠎ᠡ 》 ᠭᠡᠳ ᠵᠠᠯᠭᠠᠭᠠᠳ ᠴᠠᠪᠴᠢᠵᠠᠢ ᠃ ᠭᠡᠪᠡᠴᠦ ᠪᠠᠰᠠ ᠯᠠ ᠣᠯᠢᠬᠲᠠᠢ ᠶᠠᠭᠤᠮ᠎ᠠ ᠪᠣᠯᠵᠤ ᠴᠢᠲᠠᠭᠰᠠᠨ ᠦᠭᠡᠢ ᠃
    ᠲᠡᠭᠡᠲᠡᠯ᠎ᠡ ᠰᠥᠨᠢ ᠪᠣᠯᠵᠤ ᠶᠠᠭᠤ ᠴᠤ᠌ ᠬᠠᠷᠠᠭᠲᠠᠬᠤ ᠪᠠᠨ ᠪᠣᠯᠢᠵᠠᠢ ᠃ ᠮᠣᠲᠣᠴᠢᠨ ᠰᠠᠨᠲᠠᠭ ᠴᠤ᠌ ᠠᠭᠤᠷ ᠨᠢ ᠬᠦᠷᠴᠦ ᠄ 《 ᠵᠠ ᠂ ᠮᠠᠭᠤ ᠴᠢᠰᠤ ᠶ᠋ᠢ ᠵᠠᠪᠠᠯ ᠨᠢᠭᠡ  ᠬᠡᠷᠡᠭ ᠲᠡᠢ ᠶᠠᠭᠤᠮ᠎ᠠ ᠪᠣᠯᠭᠠᠵᠤ ᠣᠷᠬᠢᠨ᠎ᠠ ᠳ᠋ᠠ ᠂ ᠶᠡᠷᠦ ᠨᠢ ᠨᠢᠭᠡ ᠰᠠᠶ᠋ᠢᠬᠠᠨ ᠰᠢᠭᠢᠴᠢᠯᠡᠭᠦᠷ ᠬᠢᠴᠢᠬᠡᠶ᠎ᠡ 》 ᠭᠡᠳ ᠵᠣᠷᠢᠬ ᠰᠢᠢᠤᠠᠴᠦ ᠪᠠᠶ᠋ᠢᠲᠠᠯ᠎ᠠ ᠂ ᠡᠬᠡᠨᠡᠷ ᠨᠢ ᠄ 《 ᠠ ᠬᠦ᠋ ᠂ ᠰᠠᠨᠲᠠᠭ ᠠ᠋ ! ᠬᠠᠷᠠᠩᠭᠤᠢ ᠪᠣᠯᠤᠯ᠎ᠠ ᠂ ᠪᠤᠯᠢ ᠳ᠋ᠠ  ᠃ ᠴᠢ ᠨᠢᠭᠡ ᠶᠠᠭᠤᠮ᠎ᠠ ᠬᠢᠬᠦ  ᠳ᠋ᠤ᠌ ᠶᠠᠭᠠᠬᠢᠭᠠᠳ ᠢᠩᠭᠢᠵᠦ ᠨᠣᠶ᠋ᠢᠷ ᠬᠣᠭᠣᠯᠠ ᠦᠭᠡᠢ ᠤᠯᠠᠶ᠋ᠢᠵᠤ ④  ᠪᠠᠶ᠋ᠢᠲᠠᠭ ᠶᠤᠮ  ᠪᠤᠢ ?  ᠬᠣᠭᠣᠯᠠ ᠪᠠᠨ ᠢᠲᠡ 》 ᠭᠡᠵᠦ ᠳᠠᠭᠤᠳᠠᠬᠤ  ᠳ᠋ᠤ᠌ ᠨᠢ ᠰᠠᠨᠲᠠᠭ ᠄ 《 ᠶᠠᠮᠠᠷ ᠬᠣᠭᠣᠯᠠ ᠪᠤᠢ ? 》 ᠭᠡᠵᠦ ᠠᠰᠠᠭᠤᠵᠠᠢ ᠃ 《 ᠮᠢᠬ᠎ᠠ ᠴᠢᠨᠠᠭᠰᠠᠨ 》 ᠭᠡᠬᠦ ᠶ᠋ᠢ ᠰᠣᠨᠣᠰᠤᠭᠠᠳ ᠄ 《 ᠵᠠ ᠂ ᠶᠠᠭᠠᠬᠢᠮᠠᠢ ᠂ ᠰᠢᠲᠦ ᠰᠢᠭᠢᠴᠢᠯᠡᠬᠦ ᠬᠣᠭᠣᠯᠠ ᠬᠢᠭᠰᠡᠨ ᠨᠢ ᠪᠣᠯᠵᠠᠢ ᠳ᠋ᠠ  ! 》 ᠭᠡᠵᠦ ᠪᠠᠶᠠᠷᠯᠠᠭᠰᠠᠭᠠᠷ ᠭᠡᠷ ᠲᠤ ᠪᠡᠨ ᠣᠷᠣᠭᠰᠠᠨ ᠭᠡᠨ᠎ᠡ ᠃


① ᠲᠡᠩᠬᠡᠯᠢᠭ — ᠲᠡᠷᠭᠡᠨ ᠪ ᠬᠣᠶᠠᠷ ᠬᠦᠷᠲᠦ ᠶ᠋ᠢ ᠬᠣᠯᠪᠣᠭᠰᠠᠨ ᠮᠣᠲᠣ ᠃
② ᠳ᠋ᠦ᠋ᠨᠵᠡ — ᠣᠭᠲᠣᠯᠵᠤ ᠵᠠᠰᠠᠭᠰᠠᠨ ᠪᠥᠭᠡᠷᠡᠩᠬᠡᠢ ᠪᠦᠲᠦᠭᠦᠨ ᠮᠣᠲᠣ ᠃
③ ᠡᠭᠡᠷᠡᠭᠦᠯ — ᠬᠥᠪᠥᠩ ᠂   ᠨᠣᠣᠰᠣ ᠂ ᠮᠢᠨᠲᠠᠰᠤ ᠵᠡᠷᠭᠡ ᠶ᠋ᠢ  ᠰᠢᠷᠬᠡᠭᠯᠡᠨ ᠡᠷᠴᠢᠯᠡᠵᠦ ᠲᠠᠮᠤᠬᠤ ᠪᠠᠭᠠᠵᠢ ᠃
④ ᠤᠯᠠᠶ᠋ᠢᠵᠤ — ᠰᠢᠨᠤᠵᠤ ᠂ ᠵᠣᠷᠢᠬ ᠰᠢᠢᠤᠠᠴᠦ ᠠᠵᠢᠯᠯᠠᠵᠤ ᠣᠷᠣᠯᠲᠣᠬᠤ ᠃


        ᠬᠡᠯᠡ ᠪᠢᠴᠢᠭ ᠦ᠋ᠨ ᠬᠣᠶᠠᠲᠤᠭᠠᠷ ᠣᠨ   (  ᠳᠣᠣᠷᠠᠳᠤ )  
          ( 2012 ᠣᠨ ᠪ  11 ᠰᠠᠷ᠎ᠠ  ᠳᠤ  ᠠᠩᠬᠠᠲᠤᠭᠠᠷ ᠬᠡᠪ ) ᠡᠴᠡ ᠬᠠᠭᠤᠯᠪᠠ ᠃

       ᠠᠮᠢᠯᠠᠭᠤᠯᠤᠭᠰᠠᠨ ᠨᠢ ᠄   ᠮᠢᠩᠭᠠᠳ ᠂  ᠴᠢᠮᠡᠭ
         ᠬᠢᠨᠠᠭᠴᠢ ᠄ ᠲᠦᠮᠡᠳ · ᠠᠵᠠᠲᠦ