ᠬᠤᠨᠲᠤ ᠨᠠᠭᠤᠷ- ᠠ‍ ᠲᠦᠮᠡᠨ᠌ᠥ᠌ᠯᠵᠡᠢХонд нуур-аа түмэнүлжээ ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠨᠲᠤ ᠨᠠᠭᠤᠷ- ᠠ‍ ᠲᠦᠮᠡᠨ᠌ᠥ᠌ᠯᠵᠡᠢХонд нуур-аа түмэнүлжээ

ᠬᠤᠨᠲᠤ ᠨᠠᠭᠤᠷ- ᠠ‍ ᠲᠦᠮᠡᠨ᠌ᠥ᠌ᠯᠵᠡᠢХонд нуур-аа түмэнүлжээ

ᠠᠩᠭᠢᠯᠠᠯ:ᠳᠠᠭᠤᠤ ᠬᠥᠭᠵᠢᠮ
2023-04-01

565

ᠬᠤᠨᠲᠤ ᠨᠠᠭᠤᠷ

  ᠦᠭᠡ ᠄ ᠫ · ᠪᠠᠲᠤᠰᠠᠶ᠋ᠢᠬᠠᠨ
  ᠠᠶ᠎ᠠ ᠄ ᠳ · ᠰᠡᠸᠡᠩᠷᠠᠪᠳᠠᠨ
  ᠳᠠᠭᠤᠴᠢᠨ ᠄ ᠠ‍ · ᠲᠦᠮᠡᠨ᠌ᠥ᠌ᠯᠵᠡᠢ

ᠠᠶᠠᠨ ‍ᠤ ᠰᠢᠪᠠᠭᠤᠳ ‍ᠤᠨ ᠮᠥᠩᠭᠥᠨ ᠲᠦᠷᠦᠭᠦᠦ
ᠠᠮᠤᠭᠤᠯᠠᠩ ᠬᠤᠨ ᠵᠤᠨ ᠎ᠲᠠᠢ ᠠᠶ᠋ᠢᠰᠤᠢ
ᠠᠪᠤ ‍ᠶ᠋ᠢᠨ ᠮᠢᠨᠢ ᠰᠡᠳᠬᠢᠯ ᠰᠢᠭ᠌ ᠳᠥᠯᠭᠡᠨ ᠨᠠᠭᠤᠷ ᠎ᠲᠤ᠌ ᠎ᠪᠠᠨ
ᠡᠵᠢ ‍ᠶ᠋ᠢᠨ ᠮᠢᠨᠢ ᠰᠦ᠋ ᠰᠢᠭ᠌ ᠰᠦᠯᠡᠯᠳᠦᠨ ᠪᠠᠭᠤᠯ᠎ᠠ
ᠬᠣᠯᠠ ‍ᠶ᠋ᠢᠨ ᠬᠣᠯᠠ ᠠ᠋ᠴᠠ ᠳᠠᠯᠠᠢ ᠡᠵᠢ ᠠ᠋ᠴᠠ ᠎ᠪᠠᠨ
ᠬᠤᠨ ‍ᠤ ᠳᠠᠯᠠᠯᠭ᠎ᠠ ᠎ᠲᠠᠢ ᠨᠠᠭᠤᠷ ᠮᠢᠨᠢ ᠡ

ᠢᠲᠡᠭᠡᠯ ᠳᠤᠷᠠᠯᠠᠯ ‍ᠤᠨ ᠬᠣᠣᠰ ᠪᠡᠯᠭᠡᠳᠡᠯ
ᠢᠵᠢᠯᠢ ᠠᠮᠠᠷᠠᠭ ᠬᠤᠨ ᠰᠢᠪᠠᠭᠤᠳ
ᠡᠩᠬᠦᠷᠡᠢ ᠬᠥᠭᠡᠷᠦᠬᠦᠨ ᠦᠷᠡᠰ ‍ᠢᠶ᠋ᠠᠨ ᠳᠠᠭᠠᠭᠤᠯᠤᠭᠠᠳ
ᠡᠯᠡᠰᠦᠨ ᠳᠤᠮᠳᠠᠬᠢ ᠨᠠᠭᠤᠷ᠎ᠲᠤ᠌ ᠎ᠪᠠᠨ ᠵᠢᠷᠭᠠᠯ ᠎ᠲᠠᠢ
ᠬᠣᠯᠠ ‍ᠶ᠋ᠢᠨ ᠬᠣᠯᠠ ᠠ᠋ᠴᠠ ᠳᠠᠯᠠᠢ ᠡᠵᠢ ᠠ᠋ᠴᠠ ᠎ᠪᠠᠨ
ᠬᠤᠨ ‍ᠤ ᠳᠠᠯᠠᠯᠭ᠎ᠠ ᠎ᠲᠠᠢ ᠨᠠᠭᠤᠷ ᠮᠢᠨᠢ ᠡ

ᠨᠠᠮᠤᠷ ᠨᠠᠮᠤᠷ ‍ᠤᠨ ᠨᠠᠯᠠᠭᠠᠷ ᠡᠳᠦᠷ ‍ᠤᠳ ᠎ᠲᠤ᠌
ᠨᠠᠭᠠᠳᠴᠤ ᠴᠢᠭᠤᠯᠤᠭᠰᠠᠭᠠᠷ ᠬᠤᠨ ‍ᠤ ᠰᠦᠷᠦᠭ
ᠨᠤᠲᠤᠭ ‍ᠤᠨ ᠵᠢᠭᠠᠬᠠᠨ ᠬᠤᠨ ᠎ᠲᠠᠢ ᠨᠠᠭᠤᠷ ‍ᠢ
ᠨᠢᠭᠤᠴᠠᠬᠠᠨ ᠰᠡᠳᠬᠢᠯ ‍ᠳᠤ ᠎ᠪᠠᠨ ᠲᠡᠭᠡᠭᠡᠭᠡᠳ ᠪᠤᠴᠠᠬᠤ ᠶᠤᠮ ᠠ᠋
ᠬᠣᠯᠠ ‍ᠶ᠋ᠢᠨ ᠬᠣᠯᠠ ᠠ᠋ᠴᠠ ᠳᠠᠯᠠᠢ ᠡᠵᠢ ᠠ᠋ᠴᠠ ᠎ᠪᠠᠨ
ᠬᠤᠨ ‍ᠤ ᠳᠠᠯᠠᠯᠭ᠎ᠠ ᠎ᠲᠠᠢ ᠨᠠᠭᠤᠷ ᠮᠢᠨᠢ ᠡ
ᠠ ᠁
ᠬᠤᠨ ‍ᠤ ᠳᠠᠯᠠᠯᠭ᠎ᠠ ᠎ᠲᠠᠢ ᠨᠠᠭᠤᠷ ᠠ᠋

  ᠦᠰᠦᠭ ᠬᠠᠳᠠᠭᠰᠠᠨ ᠨᠢ ᠄
                       ᠬᠠᠳᠠᠴᠢ · ᠤᠷᠠᠨ᠎ᠠ
  ᠦᠰᠦᠭ ᠠᠮᠢᠯᠠᠭᠤᠯᠤᠭᠴᠢ ᠄
                       ᠬᠠᠳᠠᠴᠢ · ᠤᠷᠠᠨ᠎ᠠ
  ᠬᠢᠨᠠᠭᠴᠢ ᠄
         ᠰᠡᠷᠭᠦᠯᠡᠩ
         ᠮᠠᠨᠳᠠᠷᠠᠥ ᠎ᠠ
         ᠠᠢ ᠵᠢᠶᠦ᠋ᠨ
         ᠢᠷᠡᠭᠡᠳᠦᠶ