ᠪᠢ ᠪᠣᠯ ᠲᠠᠯ᠎ᠠ ᠶ᠋ᠢᠨ ᠮᠠᠯᠴᠢᠨ ᠪ ᠬᠦᠤ – ᠭᠦᠷᠵᠠᠪ Би бол талын малчны  хүү     –     Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠪᠣᠯ ᠲᠠᠯ᠎ᠠ ᠶ᠋ᠢᠨ ᠮᠠᠯᠴᠢᠨ ᠪ ᠬᠦᠤ – ᠭᠦᠷᠵᠠᠪ Би бол талын малчны  хүү     –     Гүржав

ᠪᠢ ᠪᠣᠯ ᠲᠠᠯ᠎ᠠ ᠶ᠋ᠢᠨ ᠮᠠᠯᠴᠢᠨ ᠪ ᠬᠦᠤ – ᠭᠦᠷᠵᠠᠪ Би бол талын малчны  хүү     –     Гүржав

2023-03-31

279

ᠪᠢ ᠪᠣᠯ ᠲᠠᠯ᠎ᠠ ᠶ᠋ᠢᠨ ᠮᠠᠯᠴᠢᠨ ᠪ ᠬᠦᠤ


       — ᠠᠶ᠋ᠢᠯ ᠦ᠋ᠨ ᠠᠬ᠎ᠠ ᠶ᠋ᠢᠨ ᠦᠭᠡ  
                 ᠭᠦᠷᠵᠠᠪ  

 ᠪᠢ ᠪᠣᠯ ᠲᠠᠯ᠎ᠠ ᠶ᠋ᠢᠨ ᠮᠠᠯᠴᠢᠨ ᠪ ᠬᠦᠤ
 ᠪᠡᠯᠴᠢᠭᠡᠷ ᠳᠠᠭᠠᠭᠰᠠᠨ ᠨᠣᠭᠣᠭᠠᠨ ᠵᠤᠰᠠᠭᠠᠯ ᠦ᠋ᠳ
 ᠰᠡᠤᠠᠬᠢᠯ ᠰᠡᠷᠭᠦᠭᠡᠬᠦ  ᠪᠠᠶᠠᠨ ᠪᠠᠶ᠋ᠢᠭᠠᠯᠢ
 ᠪᠢᠷᠠᠭᠤ ᠰᠡᠭᠦᠯᠲᠡᠬᠦ ᠂ ᠴᠢᠯᠠᠭᠤ ᠲᠡᠭᠦᠬᠦ
 ᠪᠠᠯᠴᠢᠷ ᠪᠠᠬ᠋᠎ᠠ ᠶ᠋ᠢᠨ ᠮᠢᠨᠢ ᠬᠠᠴᠢᠨ ᠲᠣᠭᠯᠠᠭᠠᠮ
 ᠪᠢ ᠪᠣᠯ ᠲᠠᠯ᠎ᠠ ᠶ᠋ᠢᠨ ᠮᠠᠯᠴᠢᠨ ᠪ ᠬᠦᠦ
 ᠲᠠᠯ᠎ᠠ ᠳ᠋ᠤ᠌ ᠰᠣᠷᠯᠠᠬᠤ ᠡᠪᠡᠰᠦ ᠨᠣᠭᠤᠭᠠᠳ
 ᠲᠠᠪᠤᠨ  ᠬᠣᠰᠢᠭᠤᠲᠤ ᠶ᠋ᠢᠨ ᠮᠢᠨᠢ ᠲᠡᠵᠢᠭᠡᠯ ᠰᠢᠮ᠎ᠡ ᠪᠢᠯᠡ
 ᠲᠠᠭᠱᠠ ᠳ᠋ᠤ᠌ ᠱᠤᠤᠭᠢᠬᠤ ᠠᠶ᠋ᠢᠷᠠᠭ ᠰᠦ᠋
 ᠲᠠᠩᠰᠤᠭ ᠢᠲᠡᠭᠡᠨ ᠪ ᠮᠢᠨᠢ ᠥᠩᠭᠡ ᠳᠡᠭᠡᠵᠢ ᠪᠢᠯᠡ
 ᠪᠢ ᠪᠣᠯ ᠲᠠᠯ᠎ᠠ ᠶ᠋ᠢᠨ ᠮᠠᠯᠴᠢᠨ ᠪ ᠬᠦᠦ ᠁

 ᠳᠡᠨᠵᠢ ᠪᠣᠯ ᠮᠢᠨᠦ ᠭᠡᠷ ᠶᠤᠮ
 ᠳᠡᠯᠳᠡᠦ ᠪᠣᠯ ᠮᠢᠨᠦ ᠵᠠᠭᠤᠰᠢ ᠶᠤᠮ
 ᠲᠡᠷᠡᠰᠦ ᠪᠣᠯ ᠮᠢᠨᠦ ᠳᠡᠷ᠎ᠡ ᠶᠤᠮ
 ᠳᠡᠭᠳᠡᠭᠡᠬᠡᠢ ᠪᠣᠯ ᠮᠢᠨᠦ ᠬᠠᠨᠢ ᠶᠤᠮ
 ᠪᠢ ᠪᠣᠯ ᠲᠠᠯ᠎ᠠ ᠶ᠋ᠢᠨ ᠮᠠᠯᠴᠢᠨ ᠪ ᠬᠦᠦ
 ᠤᠷᠬ᠋᠎ᠠ ᠰᠡᠶ᠋ᠢᠭᠡᠭᠦᠯᠦᠨ ᠠᠲᠤᠭᠤ ᠬᠤᠷᠢᠶᠠᠬᠤ
 ᠤᠨᠠᠭᠠᠨ ᠨᠠᠰᠤᠨ ᠪ ᠮᠢᠨᠢ ᠪᠠᠬᠠᠲᠤᠯ ᠵᠢᠷᠭᠠᠯ ᠪᠢᠯᠡ
 ᠤᠯᠤᠰ ᠦ᠋ᠨ ᠠᠲᠠᠯᠢᠤᠠᠬᠠᠯ ᠳ᠋ᠤ᠌ ᠮᠠᠩᠯᠠᠶ᠋ᠢᠯᠠᠵᠤ ᠬᠣᠰᠢᠭᠤᠷᠠᠬᠤ
 ᠤᠬᠠᠭᠠᠨ ᠬᠥᠲᠡᠯᠮᠦᠷᠢ ᠶ᠋ᠢᠨ ᠮᠢᠨᠢ ᠤᠷᠢ ᠬᠦᠰᠡᠯ ᠪᠢᠯᠡ
 ᠪᠢ ᠪᠣᠯ ᠲᠠᠯ᠎ᠠ ᠶ᠋ᠢᠨ ᠮᠠᠯᠴᠢᠨ ᠪ ᠬᠦᠦ
 ᠪᠢᠴᠢᠭ᠋ ᠰᠣᠶᠣᠯ ᠂ ᠮᠡᠲᠡᠯᠭᠡ ᠡᠷᠲᠡᠮ
 ᠪᠠᠶᠠᠵᠢᠵᠤ ᠪᠣᠰᠬᠤ ᠶ᠋ᠢᠨ ᠮᠢᠨᠢ ᠵᠢᠭᠦᠷ ᠳᠠᠯᠠᠪᠴᠢ ᠪᠢᠯᠡ
 ᠪᠤᠰᠤᠳ ᠦ᠋ᠨ ᠲᠤᠷᠰᠢᠯᠬ᠋᠎ᠠ ᠂ ᠥᠪᠡᠷ ᠦ᠋ᠨ ᠮᠡᠷᠡᠶ᠋ᠢᠯᠭᠡ
 ᠪᠠᠲᠠᠷᠠᠵᠤ ᠲᠠᠪᠰᠢᠬᠤ ᠶ᠋ᠢᠨ ᠮᠢᠨᠢ ᠬᠥᠪᠴᠢ ᠬᠦᠴᠦᠨ ᠪᠢᠯᠡ
 ᠪᠢ ᠪᠣᠯ ᠲᠠᠯ᠎ᠠ ᠶ᠋ᠢᠨ ᠮᠠᠯᠴᠢᠨ ᠪ ᠬᠦᠦ ᠃


 ᠢᠷᠡᠯᠲᠡ ᠄ 
         ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠂
             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ
              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ

       ᠦᠰᠦᠭ ᠠᠮᠢᠯᠠᠭᠤᠯᠤᠭᠴᠢ ᠄   ᠳᠠᠰᠢᠮ᠎ᠠ
         ᠬᠢᠨᠠᠭᠴᠢ ᠄  ᠪᠠᠶᠠᠷᠴᠡᠴᠡᠭ
           2023 ᠣᠨ ᠪ3 ᠰᠠᠷ᠎ᠠ ᠶ᠋ᠢᠨ 29 ᠪ ᠡᠲᠦᠷ