ᠬᠣᠨᠢ ᠮᠠᠶ᠋ᠢᠯᠠᠲᠠᠭ ᠶᠤᠮ – ᠭᠦᠷᠵᠠᠪ Хонь майлдаг юм – Гүржав
ᠬᠣᠨᠢ ᠮᠠᠶ᠋ᠢᠯᠠᠲᠠᠭ ᠶᠤᠮ
ᠭᠦᠷᠵᠠᠪ
ᠬᠣᠨᠢ ᠮᠠᠶ᠋ᠢᠯᠠᠲᠠᠭ ᠶᠤᠮ
ᠬᠣᠷᠣᠬ᠋᠎ᠠ ᠪᠠᠨ ᠳᠦᠭᠦᠷᠲᠡᠯ᠎ᠡ ᠮᠠᠶ᠋ᠢᠯᠠᠲᠠᠭ ᠶᠤᠮ !
ᠬᠣᠲᠣᠭᠣᠲᠣ ᠭᠡᠲᠡᠰᠦ ᠮᠢᠨᠢ ᠥᠯᠦᠰᠴᠢᠬᠡᠯᠡ
ᠬᠣᠭᠣᠯᠠᠢ ᠠᠮᠠ ᠮᠢᠨᠢ ᠬᠠᠲᠠᠴᠢᠬᠠᠯᠠ
ᠬᠣᠨᠣᠭ ᠦ᠋ᠨ ᠬᠡᠪᠲᠡᠯᠭᠡ ᠮᠢᠨᠢ ᠴᠢᠭᠢᠭᠳᠡᠴᠢᠭᠡᠯᠡ
ᠬᠣᠩᠭᠣᠷ ᠦᠷ᠎ᠡ ᠮᠢᠨᠢ ᠬᠢᠮᠤᠷᠠᠴᠢᠬᠠᠯᠠ
ᠬᠣᠯᠠ ᠶ᠋ᠢᠨ ᠪᠡᠯᠴᠢᠭᠡᠷ ᠲᠡᠭᠡᠨ ᠶᠠᠪᠤᠶ᠎ᠠ ᠳ᠋ᠠ
ᠬᠣᠭ ᠲᠣᠭᠣᠰᠣ ᠪᠠᠨ ᠭᠦᠪᠢᠶᠡ ᠳ᠋ᠡ
ᠬᠣᠷᠪᠣᠶ᠋ᠢᠬᠰᠠᠨ ᠵᠢᠰᠦ ᠪᠡᠨ ᠥᠩᠭᠡᠯᠡᠶᠡ ᠳ᠋ᠡ ᠡ ᠭᠡᠳ
ᠬᠣᠷᠣᠬ᠋᠎ᠠ ᠪᠠᠨ ᠳᠦᠭᠦᠷᠲᠡᠯ᠎ᠡ ᠮᠠᠶ᠋ᠢᠯᠠᠲᠠᠭ ᠶᠤᠮ ᠁
ᠬᠣᠨᠢ ᠮᠠᠶ᠋ᠢᠯᠠᠬᠤ ᠳ᠋ᠤ᠌
ᠡᠮᠡᠭᠡ ᠶ᠋ᠢᠨ ᠰᠡᠤᠠᠬᠢᠯ ᠤᠶᠠᠷᠠᠲᠠᠭ ᠶᠤᠮ
ᠬᠣᠶᠠᠷ ᠨᠢᠲᠦᠨ ᠡᠴᠡ ᠪᠡᠨ
ᠨᠢᠯᠪᠤᠰᠤ ᠪᠥᠮᠪᠥᠷᠢᠭᠦᠯᠦᠨ
ᠬᠤᠪᠢ ᠶ᠋ᠢᠨ ᠬᠢᠲᠡᠯ ᠶ᠋ᠢᠡᠨ
ᠬᠢᠵᠦ ᠲᠥᠪᠲᠡᠬᠦ ᠦᠭᠡᠢ ᠪᠣᠯᠲᠠᠯ᠎ᠠ ᠤᠶᠠᠷᠠᠲᠠᠭ ᠶᠤᠮ !
ᠬᠥᠭᠡᠷᠦᠬᠦᠢ ᠡᠨᠡ ᠠᠮᠢᠲᠠᠳ ᠊ᠢ
ᠬᠣᠷᠢᠭᠠᠳ ᠪᠠᠶ᠋ᠢᠲᠠᠭ ᠨᠢ ᠶᠠᠭᠤ ᠪᠢᠯᠡ ᠳ᠋ᠧ ᠡ ⁈
ᠬᠥᠯ ᠭᠠᠷ ᠊ᠢ ᠨᠢ ᠲᠤᠱᠠᠭᠠᠳ
ᠬᠥᠰᠢᠭᠡᠳ ᠪᠠᠶ᠋ᠢᠲᠠᠭ ᠨᠢ ᠶᠠᠭᠤ ᠪᠢᠯᠡ ᠳ᠋ᠧ ᠡ ⁈
ᠬᠡᠭᠡᠷ᠎ᠡ ᠰᠢᠯᠢ ᠳ᠋ᠡᠭᠡᠨ ᠶᠠᠪᠤᠭ ᠳ᠋ᠠ
ᠬᠡᠷᠱᠢ ᠱᠠᠭᠠᠭ ᠶ᠋ᠢᠠᠨ ᠢᠳᠡᠭ ᠳ᠋ᠡ
ᠬᠡᠪᠡᠯᠢ ᠰᠠᠪᠠ ᠪᠠᠨ ᠳᠦᠭᠦᠷᠭᠡᠭ ᠳ᠋ᠡ
ᠬᠡᠵᠢᠶᠡᠲᠡ ᠴᠠᠤᠠᠬᠤᠯᠠᠩ ᠪᠠᠶ᠋ᠢᠬ ᠳ᠋ᠠ ᠡ ᠭᠡᠳ
ᠡᠭᠦᠲᠡ ᠬᠠᠰᠢᠯᠬ᠋ᠠ ᠶ᠋ᠢ ᠨᠢ ᠨᠡᠭᠡᠭᠡᠨ
ᠦᠶᠡᠯᠵᠡᠭᠰᠡᠨ ᠪᠡᠯᠴᠢᠭᠡᠷ ᠲᠦ ᠵᠠᠯᠠᠲᠠᠭ ᠶᠤᠮ ᠡ
ᠦᠵᠦᠭᠦᠷ ᠲᠠᠷᠭᠤ ᠠᠪᠤᠭᠠᠳ
ᠦᠷᠡᠵᠢᠬᠦ ᠶ᠋ᠢᠨ ᠶᠡᠬᠡ ᠪᠡᠷ ᠦᠷᠡᠵᠢᠬᠦ ᠶ᠋ᠢ ᠨᠢ
ᠦᠨᠡᠨ ᠭᠣᠣᠯ ᠠ᠋ᠴᠠ ᠪᠠᠨ ᠢᠷᠦᠭᠡᠳᠡᠭ ᠶᠤᠮ ᠡ !
ᠢᠷᠡᠯᠲᠡ ᠄
ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》 ᠭᠡᠳᠡᠭ ᠨᠣᠮ ᠠ᠋ᠴᠠ ᠬᠠᠭᠤᠯᠤᠨ ᠪᠢᠴᠢᠪᠡ ᠂
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠤ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠪᠠᠶᠠᠷᠴᠡᠴᠡᠭ
ᠬᠢᠨᠠᠭᠴᠢ ᠄ ᠪᠠᠶᠠᠷᠴᠡᠴᠡᠭ
20230328
