ᠤᠳᠠᠲᠤ ᠶᠢᠨ ᠲᠠᠯ᠎ᠠ ᠶᠢᠨ ᠰᠠᠯᠬᠢ ᠢᠰᠬᠢᠷᠦᠨ᠎ᠡ – ᠭᠦᠷᠵᠠᠪ Удатын талын салхи исгэрнэ  –   Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠳᠠᠲᠤ ᠶᠢᠨ ᠲᠠᠯ᠎ᠠ ᠶᠢᠨ ᠰᠠᠯᠬᠢ ᠢᠰᠬᠢᠷᠦᠨ᠎ᠡ – ᠭᠦᠷᠵᠠᠪ Удатын талын салхи исгэрнэ  –   Гүржав

ᠤᠳᠠᠲᠤ ᠶᠢᠨ ᠲᠠᠯ᠎ᠠ ᠶᠢᠨ ᠰᠠᠯᠬᠢ ᠢᠰᠬᠢᠷᠦᠨ᠎ᠡ – ᠭᠦᠷᠵᠠᠪ Удатын талын салхи исгэрнэ  –   Гүржав

2023-03-31

343

ᠤᠳᠠᠲᠤ ᠶᠢᠨ ᠲᠠᠯ᠎ᠠ ᠶᠢᠨ ᠰᠠᠯᠬᠢ ᠢᠰᠬᠢᠷᠦᠨ᠎ᠡ


                           ᠭᠦᠷᠵᠡᠪ  

ᠣᠲᠠᠲᠤ ᠶ᠋ᠢᠨ ᠲᠠᠯ᠎ᠠ ᠶ᠋ᠢᠨ ᠰᠠᠯᠬᠢ   
ᠤᠶᠠᠬᠠᠨ ᠢᠰᠬᠡᠷᠦᠨ᠎ᠡ   
ᠤᠯᠠᠪᠢᠷ ᠬᠠᠴᠠᠷ ᠊ᠢ ᠮᠢᠨᠢ ᠢᠯᠪᠢᠨ   
ᠤᠰᠬᠠᠯ ᠨᠢᠲᠦ ᠶ᠋ᠢ ᠮᠢᠨᠢ ᠲᠠᠭᠠᠯᠠᠨ   
ᠤᠶᠠᠬᠠᠨ ᠢᠰᠬᠡᠷᠦᠨ᠎ᠡ   
ᠤᠬᠠᠭᠠᠨ ᠰᠠᠨᠠᠬ᠋᠎ᠠ ᠶ᠋ᠢ ᠮᠢᠨᠢ ᠠᠭᠤᠵᠢᠷᠠᠭᠤᠯᠤᠨ   
ᠤᠷᠮᠠᠰ ᠴᠣᠭ ᠊ᠢ ᠮᠢᠨᠢ ᠰᠡᠷᠭᠦᠭᠡᠨ  
ᠤᠶᠠᠬᠠᠨ ᠢᠰᠬᠡᠷᠦᠨ᠎ᠡ ᠁  
ᠤᠶᠠᠬᠠᠨ ᠢᠰᠬᠡᠷᠬᠦ
ᠤᠲᠠᠲᠤ ᠶ᠋ᠢᠨ ᠲᠠᠯ᠎ᠠ ᠶ᠋ᠢᠨ ᠰᠠᠯᠬᠢ ᠶ᠋ᠢ ᠲᠡᠪᠡᠷᠢᠭᠡᠳ
ᠠᠭᠤᠯᠠ ᠶ᠋ᠢᠨ ᠣᠷᠣᠢ ᠳᠡᠭᠡᠷ᠎ᠡ
ᠭᠠᠭᠴᠠᠬᠠᠨ ᠭᠦᠶᠦᠭᠡᠳ ᠭᠠᠷᠴᠢᠬᠠᠶ᠎ᠠ ᠭᠡᠵᠦ
ᠪᠢ ᠪᠣᠲᠣᠨ᠎ᠠ —
ᠠᠭᠤᠯᠠ ᠶ᠋ᠢᠨ ᠣᠷᠣᠢ ᠳᠡᠭᠡᠷ᠎ᠡ
ᠭᠠᠭᠴᠠᠬᠠᠨ ᠬᠦᠷᠴᠦ ᠭᠠᠷᠴᠢᠬᠠᠭᠠᠳ
ᠤᠲᠠᠲᠠᠯ᠎ᠠ ᠨᠢᠭᠡ ᠲᠣᠭᠲᠣᠯᠵᠤ ᠬᠡᠶ᠋ᠢᠰᠴᠦ
ᠵᠣᠭᠰᠣᠶ᠎ᠠ ᠭᠡᠵᠦ ᠪᠣᠲᠣᠨ᠎ᠠ
ᠤᠷᠤᠭᠤ ᠨᠢ ᠲᠡᠭᠡᠭᠡᠳ
ᠤᠷᠪᠠᠲᠠᠯ᠎ᠠ ᠪᠠᠨ ᠬᠥᠷᠪᠡᠲᠡᠯ᠎ᠡ ᠪᠡᠨ
ᠪᠦᠮᠪᠦᠷᠢᠭᠡᠳ ᠪᠠᠭᠤᠶ᠎ᠠ ᠭᠡᠵᠦ ᠴᠤ᠌ ᠪᠣᠲᠣᠨ᠎ᠠ
ᠤᠰᠤᠨ ᠪ ᠬᠥᠪᠡᠭᠡ ᠳᠠᠭᠠᠵᠤ
ᠬᠠᠨᠲᠠᠯ᠎ᠠ ᠂ ᠮᠣᠬᠣᠲᠠᠯ᠎ᠠ 
ᠭᠦᠶᠦᠶ᠎ᠡ ᠭᠡᠵᠦ ᠪᠣᠲᠣᠨ᠎ᠠ
ᠤᠷᠤᠰᠬᠠᠯ ᠦ᠋ᠨ  ᠬᠢᠨᠢ ᠳᠡᠭᠡᠷ᠎ᠡ ᠬᠡᠪᠲᠡᠴᠢᠬᠡᠭᠡᠳ
ᠬᠠᠭᠠᠷᠠᠲᠠᠯ᠎ᠠ ᠂ ᠪᠤᠲᠠᠷᠠᠲᠠᠯ᠎ᠠ
ᠲᠣᠭᠯᠠᠶ᠎ᠠ ᠭᠡᠵᠦ ᠴᠦ᠍ ᠪᠣᠲᠣᠨ᠎ᠠ
ᠤᠷᠭᠤᠵᠤ ᠪᠠᠶ᠋ᠢᠬ᠋᠎ᠠ ᠴᠡᠴᠡᠭ ᠲᠠᠭᠠᠷᠠᠪᠠᠯ
ᠲᠠᠯᠪᠢ ᠶ᠋ᠢᠨ ᠬᠢᠨᠢ ᠳᠡᠭᠡᠷ᠎ᠡ
ᠰᠠᠭᠤᠭᠠᠳ ᠨᠢᠭᠡ ᠭᠠᠷᠤᠶ᠎ᠠ ᠭᠡᠵᠦ ᠪᠣᠲᠣᠨ᠎ᠠ
ᠤᠨᠲᠠᠵᠤ ᠪᠠᠶ᠋ᠢᠬ᠋᠎ᠠ ᠪᠣᠯᠵᠣᠮᠣᠷ ᠲᠣᠬᠢᠶᠠᠯᠲᠤᠪᠠᠯ
ᠳᠡᠷᠭᠡᠳᠡᠭᠦᠷ ᠨᠢ ᠰᠡᠮᠡᠭᠡᠷᠬᠡᠨ
ᠥᠩᠭᠡᠷᠡᠶ᠎ᠡ ᠭᠡᠵᠦ ᠴᠦ᠍ ᠪᠣᠲᠣᠨ᠎ᠠ ᠁
ᠤᠲᠠᠲᠤ ᠶ᠋ᠢᠨ ᠲᠠᠯ᠎ᠠ ᠶ᠋ᠢᠨ ᠰᠠᠯᠬᠢ
ᠤᠶᠠᠬᠠᠨ ᠢᠰᠬᠡᠷᠦᠨ᠎ᠡ ᠃

 ᠢᠷᠡᠯᠲᠡ ᠄ 
         ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠂
             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ
              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ

       ᠦᠰᠦᠭ ᠠᠮᠢᠯᠠᠭᠤᠯᠤᠭᠴᠢ ᠄  ᠤᠷᠠᠨᠴᠡᠴᠡᠭ
         ᠬᠢᠨᠠᠭᠴᠢ ᠄  ᠪᠠᠶᠠᠷᠴᠡᠴᠡᠭ
           2023 ᠣᠨ ᠪ3 ᠰᠠᠷ᠎ᠠ ᠶ᠋ᠢᠨ 28 ᠪ ᠡᠲᠦᠷ