ᠪᠢ ᠡᠮᠡᠭᠡ ᠶ᠋ᠢᠨ ᠬᠡᠦᠬᠡᠳ- ᠠᠯᠢᠮ᠎ᠠБи эмгийн хүүхэд-алим ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠡᠮᠡᠭᠡ ᠶ᠋ᠢᠨ ᠬᠡᠦᠬᠡᠳ- ᠠᠯᠢᠮ᠎ᠠБи эмгийн хүүхэд-алим

ᠪᠢ ᠡᠮᠡᠭᠡ ᠶ᠋ᠢᠨ ᠬᠡᠦᠬᠡᠳ- ᠠᠯᠢᠮ᠎ᠠБи эмгийн хүүхэд-алим

2023-03-31

519

ᠪᠢ ᠡᠮᠡᠭᠡ ᠶ᠋ᠢᠨ ᠬᠡᠦᠬᠡᠳ 

  ᠰᠢᠯᠦᠭ ᠄ ᠭᠠᠩᠪᠠᠭᠠᠲᠤᠷ ᠤ᠋ᠨ ᠨᠠᠨᠲᠢᠨᠪᠢᠯᠢᠭ᠌ 
  ᠤᠶᠠᠩᠭᠠᠯᠠᠭᠴᠢ ᠄ ᠠᠯᠢᠮ᠎ᠠ 

ᠪᠢ ᠡᠮᠡᠭᠡ ᠶ᠋ᠢᠨ ᠬᠡᠦᠬᠡᠳ 
ᠪᠡᠶ᠎ᠡ ᠡᠴᠡ ᠪᠡᠨ ᠰᠠᠨᠠᠭ᠎ᠠ ᠨᠢ ᠲᠦᠷᠦᠭᠦᠯᠡᠵᠦ ᠥᠰᠦᠭᠰᠡᠨ 
ᠪᠠᠯ ᠠ᠋ᠴᠠ ᠨᠢ ᠠᠭᠤᠯᠠ ᠶ᠋ᠢᠨ ᠣᠷᠭᠢᠯ ᠊ᠢ ᠬᠠᠷᠠᠵᠤ ᠰᠤᠷᠤᠭᠰᠠᠨ 
ᠪᠢ ᠡᠮᠡᠭᠡ ᠶ᠋ᠢᠨ ᠬᠡᠦᠬᠡᠳ 
ᠨᠠᠷᠠ ᠬᠠᠨ᠎ᠠ ᠶ᠋ᠢᠨ ᠲᠣᠯᠣᠭᠠᠢ ᠰᠢᠭᠦᠷᠡᠲᠡᠯ᠎ᠡ ᠤᠨᠲᠠᠭᠠᠳ 
ᠨᠠᠭᠠᠲᠤᠭᠠᠢ ᠶ᠋ᠢᠨ ᠴᠢᠮᠡᠭᠡᠨ ᠢ᠋ᠶ᠋ᠡᠷ ᠰᠠᠶᠢ ᠯᠠ ᠰᠡᠷᠡᠳᠡᠭ ᠰᠠᠨ ᠃ 
ᠤᠨᠢᠨ ᠠ᠋ᠴᠠ ᠵᠡᠭᠦᠭᠰᠡᠨ ᠨᠠᠮᠬᠠᠨ ᠠᠨᠳᠠᠷ᠎ᠠ ᠳᠡᠭᠡᠷ᠎ᠡ
ᠦᠨᠳᠦᠰᠦᠨ ᠠᠶᠠᠭ᠎ᠠ ᠲᠠᠢ ᠵᠥᠭᠡᠬᠡᠢ ᠪᠠᠶ᠋ᠢᠲᠠᠭ ᠰᠠᠨ ᠃
ᠭᠡᠷ ᠦ᠋ᠨ ᠪᠦᠰᠡᠯᠡᠭᠦᠷ ᠲᠦ᠍ ᠵᠡᠭᠦᠭᠳᠡᠨ ᠡᠷᠬᠡᠯᠡᠵᠦ
ᠦᠨᠢᠶᠡᠨ ᠵᠠᠯᠠᠨ ᠠ᠋ᠴᠠ ᠡᠮᠡᠭᠡ ᠪᠡᠨ ᠬᠦᠯᠢᠶᠡᠳᠡᠭ ᠰᠠᠨ ᠃
ᠠᠪᠤ ᠡᠵᠢ ᠪᠡᠨ ᠰᠠᠨᠠᠬᠤ ᠶ᠋ᠢᠨ ᠵᠦᠩ ᠢ᠋ᠶ᠋ᠡᠷ
ᠠᠯᠠᠭ ᠱᠠᠭᠠᠵᠠᠭᠠᠢ ᠶ᠋ᠢᠨ ᠬᠡᠯᠡ ᠶ᠋ᠢ ᠠᠷᠭᠠᠳᠠᠳᠠᠭ ᠰᠠᠨ ᠃
ᠠᠮᠠᠨ ᠤ᠋ ᠤᠰᠤ ᠳᠥᠭᠥᠭᠦᠯᠬᠦ ᠪᠡᠷ ᠦᠳᠡ ᠪᠡᠷ ᠭᠠᠷᠤᠭᠠᠳ
ᠠᠶ᠋ᠢᠯ ᠭᠡᠷ ᠥᠷᠥᠵᠦ
ᠪᠤᠯᠠᠭ ᠳᠡᠭᠡᠷ᠎ᠡ ᠥᠨᠵᠢᠳᠡᠭ ᠰᠠᠨ ᠃
ᠪᠦᠲᠦᠨ ᠡᠳᠦᠷ ᠨᠠᠷᠠ ᠠᠮᠲᠠᠯᠠᠭᠰᠠᠨ ᠤᠰᠤ
ᠪᠣᠷᠲᠣᠭᠣᠨ ᠳᠣᠲᠣᠷ᠎ᠠ ᠪᠠᠨ ᠪᠦᠯᠢᠶᠡᠬᠡᠨ ᠪᠠᠶ᠋ᠢᠲᠠᠭ ᠰᠠᠨ ᠃
ᠪᠦᠷᠦᠩᠬᠦᠢ ᠶ᠋ᠢᠨ ᠡᠮᠦᠨ᠎ᠡ ᠦᠨᠢᠶ᠎ᠡ ᠲᠤᠭᠤᠯ ᠪᠣᠯᠤᠯᠴᠠᠬᠤ ᠳ᠋ᠤ᠌
ᠪᠣᠨᠲᠣᠭᠣᠷ ᠬᠣᠳᠣᠭᠣᠳᠣ ᠲᠠᠷᠠᠭ ᠢ᠋ᠶ᠋ᠠᠨ ᠰᠠᠨᠠᠭᠰᠠᠨ ᠪᠠᠶ᠋ᠢᠲᠠᠭ ᠰᠠᠨ ᠃
《 ᠨᠣᠬᠠᠢ ᠬᠠᠬᠠᠯ᠎ᠠ 》 ᠭᠡᠬᠦ ᠡᠮᠡᠭᠡ ᠶ᠋ᠢᠨ ᠳᠠᠭᠤᠨ ᠢ᠋ᠶ᠋ᠠᠷ
ᠨᠣᠶ᠋ᠢᠲᠠᠨ ᠪᠣᠷᠪᠢ ᠪᠠᠯᠭᠤᠬᠠᠨ ᠤᠰᠤ ᠲᠠᠢ ᠳᠡᠭᠳᠡᠵᠦ ᠬᠠᠷᠢᠳᠠᠭ ᠰᠠᠨ ᠃

ᠠᠶ᠋ᠢᠷᠠᠭ ᠪᠦᠯᠢᠬᠦ ᠣᠷᠣᠢ ᠶ᠋ᠢᠨ ᠠᠵᠢᠯ ᠡᠮᠬᠢᠷᠡᠬᠦ ᠳ᠋ᠦ᠍
ᠠᠶ᠋ᠢᠯ ᠤ᠋ᠨ ᠥᠪᠡᠷ ᠦ᠋ᠨ ᠡᠮᠡᠭᠡ ᠳ᠋ᠦ᠍ ᠮᠠᠭᠲᠠᠭᠤᠯᠬᠤ ᠰᠠᠶ᠋ᠢᠬᠠᠨ ᠰᠠᠨ ᠃
ᠠᠮᠠ ᠴᠠᠭᠠᠨ ᠬᠤᠯᠤᠭᠠᠨ᠎ᠠ ᠶ᠋ᠢᠨ ᠳᠠᠭᠠᠭᠠᠵᠤ ᠶᠠᠳᠠᠨ ᠠᠪᠴᠢᠷᠠᠬᠤ
ᠠᠯᠲᠠᠨ ᠳᠣᠩᠪᠣ ᠲᠠᠢ ᠰᠦ ᠶ᠋ᠢ
ᠠᠮᠲᠠᠷᠬᠠᠨ ᠵᠡᠭᠦᠳᠦᠯᠡᠵᠦ ᠬᠣᠨᠣᠳᠠᠭ ᠰᠠᠨ ᠃
ᠪᠢ ᠡᠮᠡᠭᠡ ᠶ᠋ᠢᠨ ᠬᠡᠦᠬᠡᠳ

  ᠦᠰᠦᠭ ᠠᠮᠢᠯᠠᠭᠤᠯᠤᠭᠰᠠᠨ ᠨᠢ ᠄ ᠰᠡᠷᠭᠦᠯᠡᠩ
  ᠬᠢᠨᠠᠭᠴᠢ ᠪᠠᠭᠰᠢ ᠄ ᠠᠯᠲᠠᠨ ᠠᠭᠤᠯᠠ ᠂ ᠾᠦᠩ ᠸᠧᠢ ᠂ ᠮᠠᠨᠲᠠᠷᠸ᠋᠎ᠠ ᠂ ᠭᠠᠷᠮ᠎ᠠ ᠂ ᠬᠠᠲᠠᠨᠪᠠᠭᠠᠲᠤᠷ