ᠲᠣᠬᠤᠨᠲᠡᠮᠦᠷ ᠤᠬᠠᠭᠠᠨᠲᠤ ᠬᠠᠭᠠᠨ (8) - ᠬᠦᠴᠢᠬᠡᠨ Тохонтөмөр ухаант хаан(8)- Хүчхэн ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠬᠤᠨᠲᠡᠮᠦᠷ ᠤᠬᠠᠭᠠᠨᠲᠤ ᠬᠠᠭᠠᠨ (8) - ᠬᠦᠴᠢᠬᠡᠨ Тохонтөмөр ухаант хаан(8)- Хүчхэн

ᠲᠣᠬᠤᠨᠲᠡᠮᠦᠷ ᠤᠬᠠᠭᠠᠨᠲᠤ ᠬᠠᠭᠠᠨ (8) - ᠬᠦᠴᠢᠬᠡᠨ Тохонтөмөр ухаант хаан(8)- Хүчхэн

ᠠᠩᠭᠢᠯᠠᠯ:ᠲᠡᠦᠬᠡ ᠰᠣᠶᠣᠯ
2023-04-03

235

ᠲᠣᠬᠤᠨᠲᠡᠮᠦᠷ ᠤᠬᠠᠭᠠᠨᠲᠤ ᠬᠠᠭᠠᠨ - 8


                    ᠨᠠᠢ᠍ᠮᠠᠳᠤᠭᠠᠷ ᠪᠦᠯᠦᠭ   
         ᠬᠠᠲᠤᠨ ᠭᠣᠣᠯ ᠤ᠋ᠨ ᠤᠤᠯ ᠤ᠋ᠨ ᠭᠤᠯᠳᠤᠷᠢᠯ ᠊ᠢ ᠨᠡᠪᠲᠡᠷᠡᠭᠦᠯᠵᠦ ᠵᠢᠶᠠ ᠯᠦ᠍ ᠭᠠᠪᠢᠶ᠎ᠠ ᠪᠠᠶ᠋ᠢᠭᠤᠯᠪᠠᠢ 
         ᠬᠠᠭᠤᠴᠢᠨ ᠤ᠋ ᠴᠤᠤᠷᠬᠠᠯ ᠦᠭᠡ ᠶ᠋ᠢ ᠠᠰᠢᠭᠯᠠᠵᠤ ᠬᠠᠨ ᠱᠠᠨ ᠲᠦᠩ ᠤᠷᠪᠠᠯᠭ᠎ᠠ ᠭᠠᠷᠭᠠᠪᠠᠢ 

   ᠲᠡᠨᠳᠡᠴᠡ ᠲᠣᠭᠲᠤᠬ᠋᠎ᠠ ᠴᠢᠩᠰᠠᠩ ᠢ᠋ᠶ᠋ᠠᠷ ᠬᠠᠲᠤᠨ ᠭᠣᠣᠯ ᠤ᠋ᠨ ᠦᠶᠡᠷ ᠦ᠋ᠨ ᠭᠠᠮᠰᠢᠭ ᠊ᠢ ᠬᠡᠷᠬᠢᠨ ᠵᠠᠰᠠᠬᠤ ᠲᠤᠬᠠᠢ ᠣᠯᠠᠨ ᠲᠦᠰᠢᠮᠡᠯ ᠢ᠋ᠶ᠋ᠡᠨ ᠴᠤᠭᠯᠠᠭᠤᠯᠵᠤ ᠵᠥᠪᠳᠡᠪᠡ ᠃ ᠤᠰᠤᠨ ᠶᠠᠪᠤᠳᠠᠯ ᠤ᠋ᠨ ᠶᠠᠮᠤᠨ ᠤ᠋ ᠢᠯᠠᠭᠠᠭᠴᠢ ᠲᠦᠰᠢᠮᠡᠯ ᠵᠢᠶᠠ ᠯᠦ᠍ ᠥᠭᠦᠯᠡᠷᠦᠨ ᠄ 《 ᠮᠢᠨᠦ ᠪᠣᠳᠣᠬᠤ ᠪᠠᠷ ᠬᠠᠲᠤᠨ ᠭᠣᠣᠯ ᠤ᠋ᠨ ᠠᠶᠤᠯ ᠭᠠᠮᠰᠢᠭ ᠊ᠢ ᠲᠤᠢᠯᠪᠤᠷᠢᠲᠠᠢ ᠵᠠᠰᠠᠰᠤᠭᠠᠢ ᠬᠡᠮᠡᠪᠡᠰᠦ ᠳᠡᠭᠡᠳᠦ ᠤᠷᠤᠰᠬᠠᠯ ᠊ᠢ ᠬᠠᠰᠢᠵᠤ ᠂ ᠳᠣᠣᠷᠠᠲᠤ ᠤᠷᠤᠰᠬᠠᠯ ᠊ᠢ ᠨᠡᠪᠲᠡᠷᠡᠭᠦᠯᠦᠨ ᠤᠤᠯ ᠤ᠋ᠨ ᠭᠤᠯᠳᠤᠷᠢᠯ ᠊ᠢ ᠰᠡᠷᠭᠦᠭᠡᠬᠦ ᠬᠡᠷᠡᠬ᠋ᠲᠡᠢ 》 ᠬᠡᠮᠡᠪᠡ ᠃ ᠣᠯᠠᠨ ᠲᠦᠰᠢᠮᠡᠯ ᠤᠰᠤᠨ ᠠᠰᠢᠭᠯᠠᠯᠲᠠ ᠶ᠋ᠢᠨ ᠲᠠᠯ᠎ᠠ ᠪᠠᠷ ᠮᠡᠳᠡᠯᠭᠡ ᠮᠡᠬᠦᠰ ᠲᠤᠯᠠ ᠵᠢᠶᠠ ᠯᠦ᠍ ᠶ᠋ᠢᠨ ᠦᠭᠦᠯᠡᠭᠰᠡᠨ ᠳᠡᠭᠡᠳᠦ ᠤᠷᠤᠰᠬᠠᠯ ᠊ᠢ ᠬᠠᠰᠢᠵᠤ ᠂ ᠳᠣᠣᠷᠠᠲᠤ ᠤᠷᠤᠰᠬᠠᠯ ᠊ᠢ ᠨᠡᠪᠲᠡᠷᠡᠭᠦᠯᠬᠦ ᠬᠡᠮᠡᠬᠦ ᠶᠠᠭᠤ ᠪᠣᠯᠬᠤ ᠶ᠋ᠢ ᠣᠶ᠋ᠢᠯᠠᠭᠠᠬᠤ ᠦᠭᠡᠢ ᠂ ᠨᠡᠩᠳᠡ ᠬᠠᠲᠤᠨ ᠭᠣᠣᠯ ᠤ᠋ᠨ ᠤᠤᠯ ᠤ᠋ᠨ ᠭᠤᠯᠳᠤᠷᠢᠯ ᠬᠠᠮᠢᠭ᠎ᠠ ᠪᠠᠶ᠋ᠢᠬᠤ ᠶ᠋ᠢ ᠮᠡᠳᠡᠬᠦ ᠦᠭᠡᠢ ᠂ ᠬᠠᠷᠢᠯᠴᠠᠨ ᠨᠢᠭᠡ ᠨᠢ ᠨᠥᠬᠥᠭᠡ ᠪᠡᠨ ᠬᠠᠷᠠᠵᠤ ᠳᠤᠭᠤᠢ ᠰᠠᠭᠤᠮᠤᠢ ᠃ 
     ᠲᠣᠭᠲᠤᠬ᠋᠎ᠠ ᠣᠯᠠᠨ ᠲᠦᠰᠢᠮᠡᠯ ᠦ᠋ᠨ ᠳᠤᠭᠤᠢ ᠰᠠᠭᠤᠵᠤ ᠰᠣᠨᠣᠰᠬᠤ ᠶ᠋ᠢ ᠦᠵᠡᠭᠡᠳ ᠵᠢᠶᠠ ᠯᠦ᠍ ᠡᠴᠡ ᠠᠰᠠᠭᠤᠷᠤᠨ ᠄ 《 ᠬᠠᠲᠤᠨ ᠭᠣᠣᠯ ᠤ᠋ᠨ ᠳᠡᠭᠡᠳᠦ ᠤᠷᠤᠰᠬᠠᠯ ᠊ᠢ ᠬᠠᠰᠢᠵᠤ ᠂ ᠳᠣᠣᠷᠠᠲᠤ ᠤᠷᠤᠰᠬᠠᠯ ᠊ᠢ ᠨᠡᠪᠲᠡᠷᠡᠭᠦᠯᠦᠨ ᠤᠤᠯ ᠤ᠋ᠨ ᠭᠤᠯᠳᠤᠷᠢᠯ ᠊ᠢ ᠰᠡᠷᠭᠦᠭᠡᠬᠦ ᠳ᠋ᠦ᠍ ᠬᠡᠳᠦᠢ ᠬᠦᠴᠦᠨ ᠵᠠᠷᠤᠴᠠᠭᠤᠯᠬᠤ ᠪᠣᠢ ? 》 ᠬᠡᠮᠡᠬᠦᠶ᠎ᠡ ᠵᠢᠶᠠ ᠯᠦ᠍ ᠥᠭᠦᠯᠡᠷᠦᠨ ᠄ 《 ᠮᠢᠨᠦ ᠪᠦᠳᠦᠭᠦᠪᠴᠢᠯᠡᠨ ᠪᠣᠳᠣᠭᠰᠠᠨ ᠢ᠋ᠶ᠋ᠠᠷ ᠪᠠᠷᠤᠭ ᠬᠣᠷᠢᠨ ᠲᠦᠮᠡᠨ  ᠴᠡᠷᠢᠭ ᠠᠷᠠᠳ ᠴᠢᠬᠤᠯᠠ ᠲᠠᠢ 》 ᠬᠡᠮᠡᠪᠡ ᠃ 
     ᠲᠣᠭᠲᠤᠬ᠋᠎ᠠ ᠂ ᠵᠢᠶᠠ ᠯᠦ᠍ ᠶ᠋ᠢᠨ ᠬᠡᠯᠡᠬᠦ ᠶ᠋ᠢ ᠰᠣᠨᠣᠰᠤᠭᠠᠳ ᠲᠤᠩ ᠰᠣᠴᠢᠭᠰᠠᠨ ᠪᠥᠯᠥᠭᠡ ᠃ ᠭᠡᠪᠡᠴᠦ ᠮᠠᠰᠢ ᠯᠠᠪᠳᠠᠭᠤᠨ ᠲᠣᠭᠲᠠᠭᠤᠨ  ᠪᠠᠶ᠋ᠢᠵᠤ ᠂ ᠳᠣᠲᠣᠷ᠎ᠠ ᠪᠠᠨ  ᠰᠡᠳᠬᠢᠷᠦᠨ ᠄ 《 ᠬᠠᠲᠤᠨ ᠭᠣᠣᠯ ᠬᠡᠮᠡᠭᠴᠢ ᠮᠠᠨ ᠤ᠋ ᠡᠵᠢ ᠲᠡᠢ ᠠᠳᠠᠯᠢ ᠃ ᠥᠷᠭᠡᠨ ᠠᠭᠤᠳᠠᠮ ᠭᠠᠵᠠᠷ ᠬᠥᠷᠥᠰᠥ ᠶ᠋ᠢ ᠤᠮᠳᠠᠭᠠᠯᠠᠨ ᠰᠢᠮᠡᠵᠢᠭᠦᠯᠵᠦ ᠤᠷᠤᠰᠬᠠᠯ ᠳᠠᠭᠠᠤ ᠠᠷᠠᠳ ᠣᠯᠠᠨ ᠊ᠢ ᠲᠣᠷᠨᠢᠭᠤᠯᠤᠨ ᠪᠤᠶ᠋ᠢᠵᠢᠭᠤᠯᠤᠭᠰᠠᠠ ᠠᠴᠢ ᠭᠠᠪᠢᠶ᠎ᠠ ᠲᠠᠢ ᠃ ᠲᠡᠶ᠋ᠢᠨ ‍ᠬᠦ ᠡᠷᠬᠡᠪᠰᠢ ᠰᠠᠶ᠋ᠢᠲᠤᠷ ᠵᠠᠰᠠᠬᠤ ᠬᠡᠷᠡᠭᠲᠡᠢ 》 ᠬᠡᠮᠡᠭᠡᠳ ᠥᠪᠡᠷ ᠦ᠋ᠨ ᠡᠷᠬᠡ ᠦᠭᠡᠢ ᠡᠷᠡᠰ ᠰᠢᠭᠤᠷᠬᠠᠢ ᠬᠠᠲᠠᠭᠤ ᠵᠣᠷᠢᠭ ᠣᠷᠣᠵᠤ ᠵᠢᠶᠠ ᠯᠦ᠍ ᠶ᠋ᠢᠨ ᠭᠣᠣᠯ ᠊ᠢ ᠵᠠᠰᠠᠬᠤ ᠠᠷᠭ᠎ᠠ ᠪᠣᠳᠣᠯᠭ᠎ᠠ ᠶ᠋ᠢ ᠵᠥᠪᠰᠢᠶᠡᠷᠡᠵᠦ ᠂ ᠦᠢᠯᠡᠳᠬᠦ ᠶᠠᠪᠤᠳᠠᠯ ᠤ᠋ᠨ ᠶᠠᠮᠤᠨ ᠤ᠋ ᠡᠷᠭᠢᠨ ᠰᠠᠶ᠋ᠢᠳ ᠴᠧᠩ ᠽᠦᠨ ᠂ ᠲᠠᠷᠢᠶᠠᠯᠠᠩ ᠤ᠋ᠨ ᠶᠠᠪᠤᠳᠠᠯ ᠤ᠋ᠨ ᠡᠷᠬᠢᠯᠡᠭᠰᠡᠨ ᠰᠠᠶ᠋ᠢᠳ ᠲᠦᠷᠡᠢ ᠶ᠋ᠢ ᠲᠣᠮᠢᠯᠠᠨ ᠬᠠᠲᠤᠨ ᠭᠣᠣᠯ ᠤ᠋ᠨ ᠤᠷᠤᠰᠬᠠᠯ ᠊ᠢ ᠰᠢᠯᠭᠠᠨ ᠪᠠᠶ᠋ᠢᠴᠠᠭᠠᠵᠤ ᠲᠤᠯᠭᠠᠨ ᠲᠣᠭᠲᠠᠭᠠᠬᠤ ᠪᠠᠷ ᠤᠷᠢᠳᠠ ᠪᠠᠷ ᠢᠯᠡᠭᠡᠪᠡ ᠃ 
    ᠴᠧᠩ ᠽᠦᠨ ᠨᠠᠷ ᠵᠠᠷᠯᠢᠭ ᠊ᠢ ᠬᠦᠯᠢᠶᠡᠵᠦ ᠱᠠᠨᠳᠦ᠋ᠩ ᠡᠴᠡ  ᠾᠧᠨᠠᠨ ᠳ᠋ᠤ᠌ ᠬᠦᠷᠴᠦ ᠵᠠᠮ ᠳᠠᠭᠠᠤ ᠬᠠᠶ᠋ᠢᠨ ᠪᠠᠶ᠋ᠢᠴᠠᠭᠠᠵᠤ ᠂ ᠨᠠᠷᠢᠨ ᠵᠢᠷᠤᠵᠤ ᠲᠥᠯᠥᠪᠯᠡᠨ ᠭᠠᠵᠠᠷ ᠤ᠋ᠨ ᠪᠠᠶ᠋ᠢᠴᠠ ᠶ᠋ᠢᠨ ᠥᠨᠳᠥᠷ ᠨᠠᠮ ᠪᠠᠶ᠋ᠢᠲᠠᠯ ᠪᠠ ᠭᠣᠣᠯ ᠤ᠋ᠨ ᠬᠥᠨᠳᠡᠢ ᠲᠣᠬᠣᠢ ᠂ ᠤᠷᠤᠰᠬᠠᠯ ᠤ᠋ᠨ ᠭᠦᠨ ᠭᠦᠢᠬᠡᠨ ᠊ᠢ ᠨᠢᠭᠡᠳ ᠨᠢᠭᠡ ᠪᠡᠷ ᠣᠨᠣᠪᠴᠢᠲᠠᠢ ᠬᠡᠮᠵᠢᠨ ᠲᠣᠳᠣᠯᠠᠭᠰᠠᠨ ᠤ᠋ ᠬᠣᠶ᠋ᠢᠨ᠎ᠠ ᠰᠠᠶᠢ ᠵᠢᠷᠤᠭ ᠵᠢᠷᠤᠵᠤ ᠲᠣᠲᠤᠷᠬᠠᠶ᠋ᠢᠯᠠᠠ ᠢᠯᠡᠳᠬᠡᠭᠡᠳ ᠳᠠᠶ᠋ᠢᠲᠤ ᠳ᠋ᠤ᠌ ᠪᠤᠴᠠᠨ ᠢᠷᠡᠪᠡ ᠃ 
     ᠲᠣᠭᠲᠤᠬ᠋᠎ᠠ ᠬᠠᠲᠤᠨ ᠭᠣᠣᠯ ᠊ᠢ ᠵᠠᠰᠠᠬᠤ ᠶᠠᠪᠤᠳᠠᠯ ᠊ᠢ ᠡᠳᠦᠷᠵᠢᠨ ᠪᠣᠳᠣᠯᠬᠢᠯᠠᠵᠤ ᠪᠠᠶ᠋ᠢᠬᠰᠠᠠ ᠲᠤᠯᠠ ᠴᠧᠩ ᠽᠦᠨ ᠨᠠᠷ ᠊ᠢ ᠲᠡᠷᠡ ᠳᠠᠷᠤᠢ ᠳ᠋ᠤ᠌ ᠳᠠᠭᠤᠳᠠᠨ ᠠᠭᠤᠯᠵᠠᠪᠠ ᠃ ᠴᠧᠩ ᠽᠦᠨ ᠬᠠᠷᠢᠭᠤ ᠮᠡᠳᠡᠭᠦᠯᠦᠷᠦᠨ ᠄ 《 ᠬᠠᠲᠤᠨ ᠭᠣᠣᠯ ᠤ᠋ᠨ ᠬᠠᠭᠤᠴᠢᠨ ᠭᠤᠯᠳᠤᠷᠢᠯ ᠊ᠢ ᠰᠡᠷᠭᠦᠭᠡᠵᠦ ᠦᠯᠦ ᠪᠣᠯᠤᠮᠤᠢ ᠃ ᠢᠯᠭᠠᠭᠴᠢ ᠲᠦᠰᠢᠮᠡᠯ ᠦ᠋ᠨ ᠰᠠᠨᠠᠯ ᠢ᠋ᠶ᠋ᠠᠷ ᠶᠠᠭᠠᠬᠢᠭᠰᠠᠨ ᠴᠤ᠌ ᠬᠢᠵᠦ ᠪᠣᠯᠬᠤ ᠦᠭᠡᠢ 》 ᠬᠡᠮᠡᠪᠡ ᠃ 
     ᠲᠣᠭᠲᠤᠬ᠋᠎ᠠ ᠥᠭᠦᠯᠡᠷᠦᠨ ᠄ 《 ᠵᠢᠶᠠ ᠯᠦ᠍ ᠶ᠋ᠢᠨ  ᠬᠡᠯᠡᠭᠰᠡᠨ ᠮᠠᠰᠢ ᠪᠣᠳᠠᠲᠠᠢ ᠠᠲᠠᠯ᠎ᠠ ᠪᠣᠯᠬᠤ ᠦᠭᠡᠢ ᠤᠴᠢᠷ ᠶᠠᠭᠤᠨ? 》 ᠬᠡᠮᠡᠲᠡᠯ᠎ᠡ ᠂ ᠴᠧᠩ ᠽᠦᠨ ᠲᠤᠬᠠᠢ ᠶ᠋ᠢᠨ ᠭᠠᠵᠠᠷ ᠲᠤ᠌ ᠬᠦᠷᠴᠦ ᠪᠣᠳᠠᠲᠠᠢ ᠰᠢᠯᠭᠠᠨ ᠪᠠᠶ᠋ᠢᠴᠠᠭᠠᠵᠤ ᠬᠡᠮᠵᠢᠨ ᠵᠢᠷᠤᠭᠰᠠᠨ ᠵᠢᠷᠤᠭ ᠢ᠋ᠶ᠋ᠠᠨ ᠳᠡᠯᠭᠡᠵᠦ ᠦᠵᠡᠭᠦᠯᠪᠡ ᠃ ᠲᠣᠭᠲᠤᠬ᠋᠎ᠠ ᠨᠢᠳᠦ ᠣᠷᠬᠢᠨ ᠦᠵᠡᠭᠡᠳ ᠥᠭᠦᠯᠡᠷᠦᠨ ᠄ 《 ᠪᠣᠯᠵᠠᠢ ᠂ ᠲᠠᠨᠤᠰ ᠮᠠᠰᠢ ᠵᠦᠳᠡᠷᠡᠯ᠎ᠡ ᠂ ᠪᠤᠴᠠᠵᠤ ᠬᠠᠷᠢᠭᠠᠳ ᠠᠮᠠᠷᠠ ᠃ ᠮᠠᠷᠭᠠᠰᠢ ᠲᠥᠪ ᠪᠢᠴᠢᠭ᠌ ᠦ᠋ᠨ ᠮᠣᠵᠢ ᠶ᠋ᠢᠨ ᠰᠠᠶ᠋ᠢᠳ ᠲᠦᠰᠢᠮᠡᠳ ᠯᠤᠭᠡ ᠬᠠᠮᠲᠤ ᠪᠠᠷ ᠵᠥᠪᠳᠡᠶ᠎ᠡ 》 ᠬᠡᠮᠡᠪᠡ ᠃ 
     ᠲᠡᠨᠳᠡᠴᠡ ᠲᠥᠪ  ᠪᠢᠴᠢᠭ᠌ ᠦ᠋ᠨ ᠮᠣᠵᠢ ᠶ᠋ᠢᠨ ᠰᠠᠶ᠋ᠢᠳ ᠲᠦᠰᠢᠮᠡᠳ ᠴᠤᠭᠯᠠᠷᠠᠨ ᠴᠧᠩ ᠽᠦᠨ ᠦ᠌ ᠵᠢᠷᠤᠭᠰᠠᠨ ᠵᠢᠷᠤᠭ ᠊ᠢ ᠬᠠᠷᠠᠭᠠᠳ ᠬᠡᠨ ᠴᠦ᠍ ᠦᠭᠡ ᠦᠭᠡᠢ ᠪᠠᠶ᠋ᠢᠯ᠎ᠠ ᠃ ᠲᠣᠭᠲᠤᠬ᠋᠎ᠠ ᠥᠭᠦᠯᠡᠷᠦᠨ ᠄ 《 ᠴᠧᠩ ᠽᠦᠨ ᠂ ᠵᠢᠶᠠ ᠯᠦ᠍ ᠳᠠ ᠬᠣᠶᠠᠭᠤᠯᠠ ᠬᠤᠪᠢ ᠬᠣᠪᠢᠨ ᠤ᠋ ᠰᠠᠨᠠᠯ ᠢ᠋ᠶ᠋ᠠᠨ ᠶᠠᠷᠢᠭᠠᠴᠢ ! 》  ᠬᠡᠮᠡᠭᠰᠡᠨ᠎ᠡ ᠴᠧᠩ ᠽᠦᠨ ᠂ ᠵᠢᠶᠠ ᠯᠦ᠍ ᠬᠣᠶᠠᠭᠤᠯᠠ ᠬᠡᠨ ᠬᠡᠨ ᠳ᠋ᠦ᠍ ᠪᠡᠨ ᠢᠯᠳᠠᠷ ᠲᠠᠯᠪᠢᠯ ᠦᠭᠡᠢ ᠲᠤᠰ ᠲᠤᠰ ᠤ᠋ᠨ ᠰᠠᠨᠠᠯ ᠢ᠋ᠶ᠋ᠠᠨ ᠬᠡᠯᠡᠵᠦ ᠬᠠᠷᠢᠯᠴᠠᠨ ᠨᠢᠭᠡ ᠨᠢ ᠨᠥᠬᠥᠭᠡ ᠶ᠋ᠢᠨ ᠢ᠋ᠶ᠋ᠡᠨ ᠰᠠᠨᠠᠯ ᠊ᠢ ᠦᠭᠡᠶ᠋ᠢᠰᠬᠡᠵᠦ ᠬᠠᠭᠠᠰ ᠡᠳᠦᠷ ᠮᠠᠷᠭᠤᠯᠳᠤᠪᠠ ᠃ ᠲᠣᠭᠲᠤᠬ᠋᠎ᠠ ᠥᠭᠦᠯᠡᠷᠦᠨ ᠄ 《 ᠢᠯᠭᠠᠭᠴᠢ ᠲᠦᠰᠢᠮᠡᠯ ᠦ᠋ᠨ ᠲᠥᠯᠥᠪᠯᠡᠭᠡ ᠪᠡᠷ ᠬᠠᠲᠤᠨ ᠭᠣᠣᠯ ᠤ᠋ᠨ ᠤᠤᠯ ᠤ᠋ᠨ ᠭᠤᠯᠳᠤᠷᠢᠯ ᠊ᠢ ᠰᠡᠷᠭᠦᠭᠡᠬᠦ ᠢᠨᠤ ᠨᠢᠭᠡ ᠯᠡ ᠤᠳᠠᠭ᠎ᠠ ᠳ᠋ᠤ᠌ ᠨᠢᠭᠡᠮᠦᠰᠦᠨ ᠰᠶ᠋ᠢᠤᠠᠪᠦᠷᠢᠯᠡᠬᠦ  ᠬᠡᠮᠡᠭᠰᠡᠨ ᠶᠠᠪᠤᠳᠠᠯ ᠪᠣᠯᠠᠢ ᠃ ᠠᠪᠤᠭᠠᠢ ᠪᠠᠷ ᠲᠡᠭᠦᠨ ᠊ᠢ ᠡᠷᠡᠰ ᠡᠰᠡᠷᠭᠦᠴᠡᠬᠦᠢ ᠢᠨᠦ ᠶᠠᠭᠤᠨ ? 》 ᠭᠡᠮᠡᠨ ᠴᠧᠩ ᠽᠦᠨ ᠡᠴᠡ ᠠᠰᠠᠭᠤᠪᠠᠰᠤ ᠲᠡᠷᠡ ᠄ 《 ᠬᠠᠲᠤᠨ ᠭᠣᠣᠯ ᠤ᠋ᠨ ᠤᠤᠯ ᠤ᠋ᠨ ᠭᠤᠯᠳᠤᠷᠢᠯ ᠊ᠢ ᠰᠡᠷᠭᠦᠭᠡᠬᠦ ᠡᠰᠡᠬᠦ ᠶ᠋ᠢ ᠲᠦᠷ ᠲᠠᠯᠪᠢᠵᠤ ᠪᠠᠢ ᠂ ᠤᠯᠤᠰ ᠤ᠋ᠨ ᠡᠳ᠋ ᠦ᠋ᠨ ᠬᠦᠴᠦᠨ ᠮᠡᠬᠦᠰᠳᠡᠵᠦ ᠂ ᠠᠷᠠᠳ ᠣᠯᠠᠨ ᠵᠣᠪᠠᠵᠤ ᠵᠦᠳᠡᠵᠦ ᠭᠠᠰᠠᠯᠠᠩ ᠤ᠋ᠨ ᠳᠠᠭᠤᠨ ᠭᠠᠵᠠᠷ ᠪᠦᠬᠦᠨ ᠳ᠋ᠦ᠍ ᠲᠦᠭᠡᠵᠦ ᠪᠣᠢ ᠃ ᠡᠶ᠋ᠢᠨ ‍ᠬᠦ ᠪᠠᠶ᠋ᠢᠲᠠᠯ ᠳᠣᠣᠷ᠎ᠠ ᠡᠶ᠋ᠢᠮᠦ ᠶᠡᠬᠡ ᠠᠵᠢᠯ ᠊ᠢ ᠡᠭᠦᠰᠬᠡᠨ ᠬᠢᠬᠦ ᠳ᠋ᠦ᠍ ᠬᠦᠷᠪᠡᠰᠦ ᠵᠠᠷᠤᠯᠭ᠎ᠠ ᠠᠨᠤ ᠣᠷᠣᠯᠭ᠎ᠠ ᠠ᠋ᠴᠠ ᠬᠡᠲᠦᠷᠡᠭᠡᠳ ᠵᠠᠯᠢᠬᠠᠢ ᠠᠷᠠᠳ ᠬᠤᠪᠢᠰᠤᠨ ᠪᠣᠰᠪᠠᠰᠤ ᠴᠣᠬᠣᠮ ᠰᠠᠮᠠᠭᠤᠷᠠᠯ ᠤ᠋ᠨ ᠲᠤᠶ᠋ᠢᠯ ᠪᠣᠯᠤᠮᠤᠢ ᠃ ᠡᠳᠦᠭᠡ ᠱᠠᠨᠳᠦ᠋ᠩ ᠂ ᠾᠧᠨᠠᠨ ᠤ᠋ ᠭᠠᠵᠠᠷ ᠵᠢᠯ ᠳᠠᠷᠠᠭᠠᠯᠠᠨ ᠲᠠᠷᠢᠶ᠎ᠠ ᠠᠯᠳᠠᠵᠤ ᠥᠯᠥᠰᠬᠦᠯᠡᠩ ᠭᠠᠴᠢᠭ ᠪᠣᠯᠵᠤ ᠂ ᠠᠷᠠᠳ ᠣᠯᠠᠨ ᠠᠮᠢᠳᠤᠷᠠᠬᠤ ᠠᠷᠭ᠎ᠠ ᠦᠭᠡᠢ ᠪᠠᠶ᠋ᠢᠬᠤᠢ ᠳ᠋ᠤ᠌ ᠬᠣᠷᠢᠨ ᠲᠦᠮᠡᠨ ᠴᠡᠷᠢᠭ ᠠᠷᠠᠳ ᠊ᠢ ᠰᠢᠯᠵᠢᠭᠦᠯᠦᠨ ᠠᠪᠴᠢᠷᠠᠵᠤ ᠂ ᠡᠶ᠋ᠢᠮᠦ ᠬᠦᠨᠳᠦ ᠶᠡᠬᠡ ᠠᠵᠢᠯ ᠊ᠢ ᠬᠢᠯᠭᠡᠬᠦ ᠢᠨᠤ ᠵᠣᠪᠠᠯᠠᠩ ᠤ᠋ᠨ ᠳᠡᠭᠡᠷ᠎ᠡ ᠵᠣᠪᠠᠯᠠᠩ ᠨᠡᠮᠡᠵᠦ ᠬᠠᠲᠤᠨ ᠭᠣᠣᠯ ᠤ᠋ᠨ ᠭᠠᠮᠰᠢᠭ ᠠ᠋ᠴᠠ ᠨᠡᠩ ᠠᠶᠤᠮᠰᠢᠭᠲᠠᠢ ᠪᠣᠯᠬᠤ ᠠᠵᠢ 》 ᠬᠡᠮᠡᠪᠡ ᠃   
     ᠲᠣᠭᠲᠤᠬ᠋᠎ᠠ ᠥᠭᠦᠯᠡᠷᠦᠨ ᠄ 《 ᠴᠢ ᠬᠠᠲᠤᠨ ᠭᠣᠣᠯ ᠊ᠢ ᠵᠠᠰᠠᠬᠤ ᠶᠠᠪᠤᠳᠠᠯ ᠢ᠋ᠶ᠋ᠠᠷ ᠦ᠋ ᠰᠡᠪ ᠪᠣᠯᠭᠠᠵᠤ ᠵᠠᠯᠢᠬᠠᠢ ᠠᠷᠠᠳ ᠊ᠢ ᠥᠳᠥᠭᠡᠵᠦ ᠡᠰᠡᠷᠭᠦᠴᠡᠨ ᠪᠤᠰᠬᠠᠬᠤ ᠬᠡᠮᠡᠮᠦᠢ ‍ᠤᠤ ? 》
     ᠴᠧᠩ ᠽᠦᠨ ᠥᠴᠢᠷᠦᠨ ᠄ 《 ᠬᠡᠷᠪᠡ ᠬᠠᠲᠤᠨ ᠭᠣᠣᠯ ᠤ᠋ᠨ ᠤᠤᠯ ᠤ᠋ᠨ ᠭᠤᠯᠳᠤᠷᠢᠯ ᠊ᠢ ᠵᠠᠪᠠᠯ ᠰᠡᠷᠭᠦᠭᠡᠬᠦ ᠪᠡᠷ ᠤᠷᠤᠯᠳᠤᠪᠠᠰᠤ ᠡᠶ᠋ᠢᠮᠦ ᠬᠡᠷᠡᠭ ᠡᠭᠦᠰᠬᠦ ᠨᠢ ᠭᠠᠷᠴᠠᠭ᠎ᠠ ᠦᠭᠡᠢ 》 ᠬᠡᠮᠡᠪᠡ ᠃ ᠣᠯᠠᠨ ᠲᠦᠰᠢᠮᠡᠯ ᠴᠧᠩ ᠽᠦᠨ ᠦ᠌ ᠥᠪᠡᠷ ᠦ᠋ᠨ ᠰᠠᠨᠠᠯ ᠢ᠋ᠶ᠋ᠠᠨ ᠦᠬᠦᠨ ᠪᠠᠷᠢᠮᠲᠠᠯᠠᠵᠤ ᠴᠢᠩᠰᠠᠩ ᠯᠤᠭ᠎ᠠ ᠠᠮᠠ ᠣᠷᠣᠯᠳᠣᠬᠤ ᠶ᠋ᠢ ᠦᠵᠡᠭᠡᠳ ᠪᠦᠷ ᠵᠢᠷᠦᠬᠡ ᠳᠣᠯᠭᠢᠰᠴᠤ ᠴᠧᠩ ᠽᠦᠨ ᠊ᠢ ᠬᠣᠷᠢᠭᠯᠠᠨ ᠵᠣᠭᠰᠣᠭᠠᠪᠠ ᠃ 
     ᠲᠣᠭᠲᠤᠬ᠋᠎ᠠ ᠥᠭᠦᠯᠡᠷᠦᠨ ᠄ 《 ᠡᠵᠡᠨ ᠦ᠌ ᠮᠢᠨᠢ ᠢᠷᠭᠡᠳ ᠊ᠢ ᠥᠷᠥᠰᠢᠶᠡᠬᠦ ᠢᠨᠤ ᠦᠷ᠎ᠡ ᠬᠡᠦᠬᠡᠳ ᠢ᠋ᠶ᠋ᠡᠨ ᠮᠡᠲᠦ ᠪᠥᠯᠥᠭᠡ ᠃ ᠡᠳᠦᠭᠡ ᠬᠠᠲᠤᠨ ᠭᠣᠣᠯ ᠬᠠᠰᠢᠯᠭ᠎ᠠ ᠪᠠᠨ ᠰᠡᠲᠡᠯᠦᠭᠡᠳ ᠠᠷᠠᠳ ᠢᠷᠭᠡᠳ ᠲᠣᠷ ᠭᠠᠮᠰᠢᠭ ᠤᠴᠠᠷᠠᠭᠤᠯᠪᠠ ᠃ ᠰᠠᠶ᠋ᠢᠳ ᠪᠣᠯᠣᠭᠰᠠᠳ ᠶᠣᠰᠣᠨ ᠳ᠋ᠤ᠌ ᠪᠠᠨ ᠡᠵᠡᠨ ᠦ᠌ ᠲᠥᠯᠥᠭᠡ ᠵᠣᠪᠠᠯ ᠊ᠢ ᠬᠤᠪᠢᠶᠠᠯᠴᠠᠪᠠᠰᠤ ᠵᠣᠬᠢᠮᠤᠢ ᠃ ᠬᠠᠲᠤᠨ ᠭᠣᠣᠯ ᠨᠢᠭᠡᠨᠲᠡ ᠦᠶᠡᠷᠯᠡᠨ ᠲᠡᠯᠡᠷᠡᠭᠡᠳ ᠬᠣᠷᠢᠭᠯᠠᠭᠳᠠᠰᠢ ᠦᠭᠡᠢ ᠪᠠᠶ᠋ᠢᠮᠤᠢ ᠃ ᠡᠨᠡ ᠮᠡᠲᠦ ᠪᠡᠷ ᠦᠷᠭᠦᠯᠵᠢᠯᠡᠨ ᠬᠠᠯᠭᠢᠯᠠᠪᠠᠰᠤ ᠨᠡᠩ ᠶᠡᠬᠡ ᠭᠠᠮᠰᠢᠭ ᠪᠣᠯᠬᠤ ᠠᠵᠤᠭᠤ ᠃ ᠦᠯᠢᠭᠡᠷᠯᠡᠪᠡᠰᠦ ᠡᠪᠡᠳᠦᠭᠰᠡᠨ ᠬᠥᠮᠦᠨ ᠊ᠢ ᠡᠮᠨᠡᠨ ᠵᠠᠰᠠᠬᠤ ᠦᠭᠡᠢ ᠡᠳᠦᠷ ᠤᠳᠠᠪᠠᠰᠤ ᠡᠪᠡᠳᠴᠢᠨ ᠢᠨᠤ  ᠦᠭᠲᠡᠷᠡᠵᠦ ᠵᠠᠰᠠᠯᠭ᠎ᠠ ᠴᠥᠬᠥᠵᠦ ᠦᠬᠦᠮᠦᠢ ᠃ ᠬᠠᠲᠤᠨ ᠭᠣᠣᠯ  ᠬᠡᠮᠡᠭᠴᠢ ᠳᠤᠮᠳᠠᠳᠤ ᠤᠯᠤᠰ ᠤ᠋ᠨ ᠬᠦᠨᠳᠦ ᠡᠪᠡᠳᠴᠢᠨ ᠂ ᠪᠢ ᠲᠡᠭᠦᠨ ᠊ᠢ ᠦᠨᠳᠦᠰᠦ ᠡᠴᠡ ᠨᠢ ᠵᠠᠰᠠᠬᠤ ᠶ᠋ᠢ ᠵᠣᠷᠢᠮᠤᠢ ᠃ ᠭᠡᠲᠡᠯ᠎ᠡ ᠵᠠᠷᠢᠮ ᠬᠥᠮᠦᠨ ᠡᠭᠦᠨ ᠊ᠢ ᠡᠷᠡᠰ ᠡᠰᠡᠷᠭᠦᠴᠡᠬᠦ ᠢᠨᠤ ᠴᠣᠬᠣᠮ ᠶᠠᠮᠠᠷ ᠰᠠᠨᠠᠭ᠎ᠠ ᠠ᠋ᠴᠠ ᠪᠣᠯᠪᠠ ? 》  ᠬᠡᠮᠡᠭᠰᠡᠨ ᠳ᠋ᠦ᠍ᠷ ᠰᠠᠶ᠋ᠢᠳ ᠲᠦᠰᠢᠮᠡᠳ ᠪᠦᠭᠦᠳᠡᠭᠡᠷ ᠣᠷᠣᠨ ᠠ᠋ᠴᠠ ᠪᠣᠰᠴᠤ ᠬᠠᠨᠴᠤᠢ ᠶ᠋ᠢ ᠰᠤᠯᠠ ᠲᠠᠯᠪᠢᠨ ᠄ 《 ᠴᠢᠩᠰᠠᠩ ᠤ᠋ᠨ ᠮᠡᠷᠭᠡᠨ ᠢ᠋ᠶ᠋ᠡᠷ ᠲᠣᠭᠲᠠᠭᠠᠬᠤ ᠶ᠋ᠢ ᠪᠢᠳᠡ ᠳᠠᠭᠠᠮᠤᠢ 》 ᠬᠡᠮᠡᠪᠡ ᠃ 
     ᠲᠣᠭᠲᠤᠬ᠋᠎ᠠ ᠥᠭᠦᠯᠡᠷᠦᠨ ᠄ 《 ᠮᠢᠨᠦ ᠦᠵᠡᠬᠦ ᠪᠡᠷ ᠢᠯᠭᠠᠭᠴᠢ ᠲᠦᠰᠢᠮᠡᠯ ᠵᠣᠷᠢᠭ ᠲᠠᠢ ᠪᠥᠭᠡᠳ ᠪᠣᠳᠣᠯᠭ᠎ᠠ ᠲᠠᠢ ᠪᠠᠶ᠋ᠢᠨᠠᠮ ᠃ ᠲᠡᠭᠦᠨ ᠦ᠌ ᠦᠭᠦᠯᠡᠭᠰᠡᠨ ᠬᠠᠲᠤᠨ ᠭᠣᠣᠯ ᠤ᠋ᠨ ᠤᠤᠯ ᠤ᠋ᠨ ᠭᠤᠯᠳᠤᠷᠢᠯ ᠊ᠢ ᠰᠡᠷᠭᠦᠭᠡᠬᠦ ᠠᠵᠢᠯ ᠬᠦᠨᠳᠦ ᠶᠡᠬᠡ ᠪᠣᠯᠪᠠᠴᠤ ᠂ ᠬᠠᠲᠤᠨ ᠭᠣᠣᠯ ᠤ᠋ᠨ ᠠᠶᠤᠯ ᠊ᠢ ᠦᠨᠳᠦᠰᠦᠨ ᠡᠴᠡ ᠨᠢ ᠵᠠᠰᠠᠵᠤ ᠳᠡᠶ᠋ᠢᠯᠬᠦ ᠳᠡᠭᠡᠳᠦ  ᠰᠠᠢᠨ ᠠᠷᠭ᠎ᠠ ᠲᠤᠯᠠ ᠪᠢ ᠲᠡᠭᠦᠨ ᠦ᠌ ᠲᠥᠯᠥᠭᠡ ᠭᠠᠪᠢᠶ᠎ᠠ  ᠲᠡᠮᠲᠡᠭᠯᠡᠨ ᠥᠭᠰᠦᠭᠡᠢ ! ᠮᠠᠷᠭᠠᠰᠢ ᠂ ᠡᠵᠡᠨ ᠳ᠋ᠦ᠍ᠷ ᠪᠠᠷᠠᠯᠬᠠᠵᠤ ᠡᠨᠡ  ᠬᠡᠷᠡᠭ ᠊ᠢ ᠦᠳᠲᠡᠷ  ᠶᠠᠪᠤᠭᠤᠯᠰᠤᠭᠠᠢ》 ᠬᠡᠮᠡᠬᠦᠶ᠎ᠡ ᠪᠦᠭᠦᠳᠡᠭᠡᠷ ᠵᠥᠪᠰᠢᠶᠡᠷᠡᠵᠦ ᠪᠠᠶ᠋ᠢᠬᠤ ᠪᠠᠨ ᠢᠯᠡᠷᠬᠡᠶ᠋ᠢᠯᠡᠪᠡ ᠃   ᠮᠠᠷᠭᠠᠰᠢ ᠨᠢ ᠲᠣᠭᠲᠤᠬ᠋᠎ᠠ ᠪᠠᠷ ᠵᠢᠶᠠ ᠯᠦ᠍ ᠶ᠋ᠢᠨ ᠬᠠᠲᠤᠨ ᠭᠣᠣᠯ ᠤ᠋ᠨ ᠤᠤᠯ ᠤ᠋ᠨ ᠭᠤᠯᠳᠤᠷᠢᠯ ᠊ᠢ ᠰᠡᠷᠭᠦᠭᠡᠬᠦ ᠲᠥᠯᠥᠪᠯᠡᠭᠡ ᠶ᠋ᠢ  ᠲᠣᠬᠤᠨᠲᠡᠮᠦᠷ ᠬᠠᠭᠠᠨ ᠳ᠋ᠤ᠌ ᠨᠠᠷᠢᠨ ᠲᠠᠶ᠋ᠢᠯᠪᠤᠷᠢᠯᠠᠨ ᠬᠡᠯᠡᠵᠦ ᠴᠧᠩ ᠽᠦᠨ ᠦ᠌  ᠡᠰᠡᠷᠭᠦᠴᠡᠭᠰᠡᠨ ᠰᠠᠨᠠᠯ ᠊ᠢ ᠪᠠᠰᠠ ᠶᠡᠬᠡ ᠲᠥᠯᠥᠪ ᠶᠠᠷᠢᠭᠰᠠᠨ ᠤ᠋ ᠬᠣᠶ᠋ᠢᠨ᠎ᠠ ᠂ ᠲᠣᠬᠤᠨᠲᠡᠮᠦᠷ ᠬᠠᠭᠠᠨ ᠵᠠᠷᠯᠢᠭ ᠪᠣᠯᠤᠷᠤᠨ ᠄ 《 ᠣᠯᠠᠨ ᠲᠦᠰᠢᠮᠡᠳ ᠪᠦᠷ ᠰᠠᠨᠠᠯ  ᠨᠢᠭᠡᠳᠦᠭᠰᠡᠨ ᠪᠣᠯᠪᠠᠰᠤ ᠴᠢᠩᠰᠠᠩ ᠴᠢ ᠰᠢᠢᠳᠰᠦᠭᠡᠢ ! 》 ᠬᠡᠮᠡᠪᠡ ᠃ ᠬᠡᠳᠦᠨ ᠡᠳᠦᠷ ᠦ᠋ᠨ ᠳᠠᠷᠠᠭ᠎ᠠ ᠲᠣᠭᠲᠤᠬ᠋᠎ᠠ ᠪᠠᠷ ᠬᠠᠭᠠᠨ ᠤ᠋ ᠵᠠᠷᠯᠢᠭ ᠊ᠢ ᠤᠯᠠᠮᠵᠢᠯᠠᠵᠤ ᠂ ᠴᠧᠩ ᠽᠦᠨ ᠦ᠌ ᠲᠤᠰᠢᠶᠠᠯ ᠊ᠢ ᠬᠠᠰᠤᠵᠤ ᠾᠧ ᠵᠢᠶᠠᠨ ᠤ᠋ ᠭᠠᠵᠠᠷ ᠶᠠᠪᠤᠭᠤᠯᠤᠨ ᠵᠢᠶᠠ ᠯᠦ᠍ ᠶ᠋ᠢ ᠦᠢᠯᠡᠳᠬᠦ ᠶᠠᠪᠤᠳᠠᠯ ᠤ᠋ᠨ ᠶᠠᠮᠤᠨ ᠤ᠋ ᠡᠷᠭᠢᠨ ᠰᠠᠶ᠋ᠢᠳ ᠢ᠋ᠶ᠋ᠠᠷ ᠡᠷᠭᠦᠮᠵᠢᠯᠡᠵᠦ ᠂ ᠬᠠᠲᠤᠨ ᠭᠣᠣᠯ ᠊ᠢ ᠵᠠᠰᠠᠬᠤ ᠶᠡᠷᠦᠩᠬᠡᠢ ᠵᠠᠬᠢᠷᠤᠭᠴᠢ ᠪᠠᠷ ᠲᠣᠮᠢᠯᠠᠪᠠ ᠃ 
     ᠵᠢᠶᠠ ᠯᠦ᠍ ᠲᠤᠰᠢᠶᠠᠯ ᠊ᠢ ᠬᠦᠯᠢᠶᠡᠭᠰᠡᠨ ᠦ᠌ ᠬᠣᠶ᠋ᠢᠨ᠎ᠠ ᠲᠡᠷᠡ ᠳᠠᠷᠤᠢ ᠱᠠᠨᠳᠦ᠋ᠩ ᠳ᠋ᠦ᠍ ᠣᠴᠢᠭᠠᠳ ᠨᠢᠭᠡ ᠲᠠᠯ᠎ᠠ ᠪᠠᠷ ᠬᠦᠴᠦᠨ ᠦ᠌  ᠠᠯᠪᠠ ᠲᠠᠲᠠᠵᠤ ᠨᠥᠭᠥᠭᠡ ᠲᠠᠯ᠎ᠠ ᠪᠠᠷ ᠭᠣᠣᠯ ᠤ᠋ᠨ ᠬᠠᠰᠢᠯᠭ᠎ᠠ ᠶ᠋ᠢ ᠪᠠᠶ᠋ᠢᠴᠠᠭᠠᠨ ᠵᠠᠰᠠᠬᠤ ᠠᠵᠢᠯ ᠢ᠋ ᠲᠥᠯᠥᠪᠯᠡᠪᠡ ᠃ ᠵᠠᠯᠭᠠᠭᠠᠳ ᠾᠧᠨᠠᠨ ᠳ᠋ᠤ᠌ ᠬᠦᠷᠴᠦ ᠬᠠᠲᠤᠨ ᠭᠣᠣᠯ ᠤ᠋ᠨ  ᠪᠥᠭᠯᠡᠷᠡᠭᠰᠡᠨ ᠬᠡᠰᠡᠭ  ᠊ᠢ ᠨᠡᠪᠲᠡᠷᠡᠭᠦᠯᠵᠦ ᠂ ᠪᠤᠯᠤᠩ ᠲᠣᠬᠣᠢ ᠭᠠᠵᠠᠷ ᠊ᠢ ᠠᠰᠯᠠᠨ ᠰᠢᠯᠤᠭᠤᠳᠬᠠᠵᠤ ᠂ ᠭᠣᠣᠯ ᠤ᠋ᠨ ᠳᠣᠣᠷᠠᠲᠤ ᠤᠷᠤᠰᠬᠠᠯ ᠊ᠢ ᠨᠡᠪᠲᠡᠷᠡᠭᠦᠯᠦᠨ ᠳᠡᠭᠡᠳᠦ ᠤᠷᠤᠰᠬᠠᠯ ᠊ᠢ ᠬᠠᠰᠢᠵᠤ ᠨᠡᠶ᠋ᠢᠲᠡ ᠬᠣᠶᠠᠷ ᠵᠠᠭᠤ ᠨᠠᠶᠠᠭᠠᠳ ᠭᠠᠵᠠᠷ ᠵᠠᠰᠠᠪᠠ ᠃  
     ᠬᠠᠲᠤᠨ ᠭᠣᠣᠯ ᠤ᠋ᠨ ᠤᠤᠯ ᠤ᠋ᠨ ᠭᠤᠯᠳᠤᠷᠢᠯ ᠊ᠢ ᠵᠠᠰᠠᠬᠤ ᠠᠵᠢᠯ ᡁᠢ  ᠵᠧᠩ ᠦ᠋ᠨ ᠠᠷᠪᠠᠨ ᠨᠢᠭᠡᠳᠦᠭᠡᠷ ᠣᠨ (1351 ᠣᠨ ) ᠤ᠋ ᠳᠥᠷᠪᠡᠨ  ᠰᠠᠷ᠎ᠠ ᠠ᠋ᠴᠠ ᠡᠬᠢᠯᠡᠵᠦ ᠂ ᠠᠷᠪᠠᠨ ᠨᠢᠭᠡᠳᠦᠭᠡᠷ ᠰᠠᠷ᠎ᠠ ᠶ᠋ᠢᠨ ᠰᠡᠭᠦᠯᠴᠢ ᠪᠣᠯᠲᠠᠯ᠎ᠠ ᠤᠤᠯ ᠤ᠋ᠨ ᠭᠤᠯᠳᠤᠷᠢᠯ ᠤ᠋ᠨ ᠬᠠᠰᠢᠯᠭ᠎ᠠ ᠳᠠᠯᠠᠩ ᠊ᠢ ᠵᠠᠰᠠᠨ ᠰᠡᠯᠪᠢᠵᠦ  ᠳᠠᠭᠤᠰᠬᠠᠭᠠᠳ ᠤᠷᠤᠰᠬᠠᠯ ᠤᠰᠤᠨ ᠊ᠢ  ᠵᠡᠭᠦᠨᠰᠢ ᠪᠡᠨ ᠳᠠᠯᠠᠢ ᠳ᠋ᠤ᠌ ᠵᠠᠰᠠᠵᠤ ᠣᠷᠣᠭᠤᠯᠪᠠ ᠃ ᠲᠣᠭᠲᠤᠬ᠋᠎ᠠ ᠴᠢᠩᠰᠠᠩ ᠡᠨᠡ ᠰᠠᠢᠨ ᠴᠢᠮᠡᠭᠡ ᠶ᠋ᠢ ᠲᠣᠬᠤᠨᠲᠡᠮᠦᠷ ᠬᠠᠭᠠᠨ ᠳ᠋ᠤ᠌ ᠠᠶ᠋ᠢᠯᠠᠤᠠᠬᠠᠭᠰᠠᠨ ᠳ᠋ᠤ᠌ ᠬᠠᠭᠠᠨ ᠢ᠋ᠶ᠋ᠠᠷ ᠨᠢᠭᠡ ᠲᠠᠯ᠎ᠠ ᠪᠠᠷ ᠭᠣᠣᠯ ᠊ᠢ ᠳᠠᠬᠢᠵᠤ ᠲᠠᠪᠢᠭᠯᠠᠨ ᠂ ᠨᠥᠭᠥᠭᠡ ᠲᠠᠯ᠎ᠠ ᠪᠠᠷ ᠵᠢᠶᠠ ᠯᠦ᠍ ᠨᠠᠷ ᠊ᠢ ᠨᠡᠶ᠋ᠢᠰᠯᠡᠯ ᠳ᠋ᠦ᠍ ᠳᠠᠭᠤᠳᠠᠨ ᠠᠪᠴᠢᠷᠠᠭᠠᠳ ᠵᠦᠳᠡᠷᠡᠯ ᠊ᠢ ᠪᠣᠯᠭᠣᠭᠠᠵᠤ ᠂ ᠬᠦᠨᠳᠦ ᠪᠡᠷ ᠱᠠᠩᠨᠠᠨ ᠵᠢᠶᠠ ᠯᠦ᠍ ᠶ᠋ᠢ  ᠮᠡᠷᠭᠡᠳ ᠊ᠢ ᠴᠢᠭᠤᠯᠭᠠᠬᠤ ᠬᠦᠷᠢᠶᠡᠯᠡᠩ ᠦ᠋ᠨ ᠡᠷᠭᠢᠨ ᠰᠠᠶ᠋ᠢᠳ ᠡᠷᠭᠦᠮᠵᠢᠯᠡᠪᠡ ᠃
      ᠲᠣᠭᠲᠤᠬ᠋᠎ᠠ ᠶ᠋ᠢᠨ ᠴᠢᠳᠠᠪᠤᠷᠢᠲᠠᠨ ᠮᠡᠷᠭᠡᠳ ᠊ᠢ ᠡᠷᠭᠦᠨ ᠲᠠᠨᠢᠯᠴᠠᠭᠤᠯᠤᠭᠰᠠᠨ ᠭᠠᠪᠢᠶ᠎ᠠ ᠶ᠋ᠢ ᠲᠡᠮᠲᠡᠭᠯᠡᠨ ᠳᠠᠷᠬᠠᠨ ᠴᠣᠯᠠ ᠣᠯᠭᠣᠵᠤ ᠂  ᠪᠢᠴᠢᠭ᠌ ᠦ᠋ᠨ ᠤᠳᠬᠠᠴᠢ ᠶ᠋ᠢᠨ ᠡᠷᠭᠢᠨ ᠰᠠᠶ᠋ᠢᠳ ᠧᠦ ᠶᠠᠩ ᠰᠢᠦᠸᠠᠨ ᠊ᠢ ᠵᠠᠷᠯᠠᠵᠤ ᠬᠠᠲᠤᠨ ᠭᠣᠣᠯ ᠊ᠢ ᠵᠠᠰᠠᠭᠰᠠᠨ ᠬᠦᠰᠢᠶᠡᠨ ᠦ᠌ ᠪᠢᠴᠢᠭᠡᠰᠦ ᠲᠤᠭᠤᠷᠪᠢᠭᠤᠯᠵᠤ ᠲᠣᠭᠲᠤᠬ᠋᠎ᠠ ᠪᠣᠯᠤᠨ ᠵᠢᠶᠠ ᠯᠦ᠍ ᠶ᠋ᠢᠨ ᠭᠠᠪᠢᠶ᠎ᠠ ᠶ᠋ᠢ  ᠲᠡᠮᠲᠡᠭᠯᠡᠪᠡ ᠃ 
     ᠥᠭᠦᠯᠡᠬᠦ ᠢᠨᠤ ᠂ ᠨᠡᠶ᠋ᠢᠰᠯᠡᠯ ᠬᠣᠲᠠᠨ᠎ᠠ ᠲᠣᠭᠲᠤᠬ᠋᠎ᠠ ᠂ ᠵᠢᠶᠠ ᠯᠦ᠍ ᠶ᠋ᠢᠨ ᠭᠠᠪᠢᠶ᠎ᠠ ᠵᠢᠳᠬᠦᠯ ᠊ᠢ ᠮᠠᠭᠲᠠᠨ ᠳᠠᠭᠤᠯᠠᠵᠤ ᠮᠠᠯᠠᠭᠠᠢ ᠪᠠᠨ ᠨᠢᠰᠠᠯᠤᠨ ᠮᠠᠩᠨᠠᠢ ᠲᠡᠨᠢᠢᠨ ᠪᠠᠶᠠᠷᠯᠠᠯᠳᠤᠨ ᠠᠲᠠᠯ᠎ᠠ ᠂ ᠾᠧᠨᠠᠨ ᠾᠧᠪᠧᠢ ᠶ᠋ᠢᠨ ᠭᠠᠵᠠᠷ ᠨᠢᠭᠡᠨ ᠴᠤᠤᠷᠬᠠᠯ ᠳᠡᠯᠭᠡᠷᠡᠵᠦ ᠡᠬᠢᠯᠡᠪᠡ ᠃ 
     ᠤᠤᠯ ᠨᠢ ᠵᠢᠶᠠ ᠯᠦ᠍ ᠭᠣᠣᠯ ᠵᠠᠰᠠᠬᠤ ᠠ᠋ᠴᠠ ᠡᠮᠦᠨ᠎ᠡ ᠾᠧᠨᠠᠨ ᠾᠧᠪᠧᠢ ᠳ᠋ᠦ᠍ ᠬᠡᠦᠬᠡᠳ ᠦ᠋ᠨ ᠳᠠᠭᠤᠤ ᠶᠠᠪᠤᠭᠳᠠᠵᠤ ᠪᠠᠶ᠋ᠢᠪᠠ ᠃ ᠲᠡᠭᠦᠨ ᠦ᠌ ᠦᠭᠡ ᠢᠨᠤ ᠄ 《 ᠭᠠᠭᠴᠠ ᠨᠢᠳᠦᠲᠦ ᠴᠢᠯᠠᠭᠤᠨ ᠬᠥᠮᠦᠨ ᠢᠯᠡᠷᠡᠪᠡᠯ ᠂  ᠭᠠᠯᠪᠠ ᠳᠡᠯᠡᠬᠡᠢ ᠤᠷᠪᠠᠮᠤᠢ 》 ᠬᠡᠮᠡᠵᠦᠬᠦᠢ ᠃ 
      ᠲᠡᠳᠦᠢ ᠳ᠋ᠦ᠍ᠷ ᠡᠨᠡ ᠬᠣᠶᠠᠷ ᠦᠭᠡ ᠶ᠋ᠢ ᠬᠡᠨ ᠴᠦ᠍ ᠣᠶ᠋ᠢᠰᠢᠶᠠᠬᠤ ᠦᠭᠡᠢ ᠂ ᠵᠥᠪᠬᠡᠨ ᠬᠡᠦᠬᠡᠳ ᠦ᠋ᠨ ᠲᠣᠭᠯᠠᠭᠠᠮ ᠤ᠋ᠨ ᠳᠠᠭᠤᠤ ᠪᠣᠯᠭᠠᠨ ᠦᠵᠡᠵᠦ ᠪᠠᠶ᠋ᠢᠪᠠ ᠃ ᠵᠢᠶᠠ ᠯᠦ᠍ ᠭᠣᠣᠯ ᠊ᠢ ᠵᠠᠰᠠᠭᠠᠳ ᠬᠤᠸᠠᠩ ᠯᠢᠩ ᠭᠠᠩ ᠬᠡᠮᠡᠬᠦ ᠭᠠᠵᠠᠷ ᠬᠦᠷᠦᠭᠰᠡᠨ ᠳ᠋ᠦ᠍ ᠨᠢᠭᠡᠨ ᠡᠳᠦᠷ ᠬᠦᠴᠦᠨ ᠦ᠌ ᠠᠯᠪᠠ ᠶ᠋ᠢᠨ ᠡᠷᠡᠴᠦᠳ ᠭᠣᠣᠯ ᠤ᠋ᠨ ᠭᠤᠯᠳᠤᠷᠢᠯ ᠠ᠋ᠴᠠ ᠨᠢᠭᠡᠨ ᠴᠢᠯᠠᠭᠤᠨ ᠰᠡᠶ᠋ᠢᠯᠦᠮᠡᠯ ᠬᠥᠮᠦᠨ ᠊ᠢ ᠤᠬᠤᠵᠤ ᠭᠠᠷᠭᠠᠪᠠ ᠃ ᠱᠤᠭᠤᠵᠤ  ᠰᠡᠢᠯᠦᠭᠰᠡᠨ ᠨᠢ ᠲᠡᠳᠦᠢ ᠨᠠᠷᠢᠨ ᠪᠢᠰᠢ ᠪᠣᠯᠪᠠᠴᠤ ᠬᠥᠯ ᠭᠠᠷ ᠨᠢ ᠪᠦᠷᠢᠨ ᠪᠦᠲᠦᠨ ᠵᠥᠪᠬᠡᠨ ᠨᠢᠭᠡ ᠨᠢᠳᠦ ᠦᠭᠡᠢ ᠠᠵᠤᠭᠤ ᠃ ᠪᠦᠭᠦᠳᠡᠭᠡᠷ ᠲᠣᠭᠣᠷᠢᠨ ᠵᠣᠭᠰᠣᠭᠠᠳ ᠭᠠᠭᠴᠠ ᠨᠢᠳᠦᠲᠦ ᠴᠢᠯᠠᠭᠤᠨ ᠬᠥᠮᠦᠨ ᠊ᠢ ᠰᠣᠨᠢᠷᠬᠠᠮᠤᠢ ᠃ ᠠᠵᠢᠯ ᠬᠢᠨᠠᠭᠴᠢ ᠨᠣᠶᠠᠨ ᠡᠨᠡ ᠪᠠᠶ᠋ᠢᠲᠠᠯ ᠊ᠢ ᠵᠢᠶᠠ ᠯᠦ᠍ ᠳ᠋ᠦ᠍  ᠮᠡᠳᠡᠭᠦᠯᠦᠭᠰᠡᠨ ᠳ᠋ᠦ᠍ ᠲᠡᠷᠡ ᠂ ᠲᠤᠬᠠᠢ ᠶ᠋ᠢᠨ ᠲᠠᠯᠠᠪᠠᠢ ᠳ᠋ᠤ᠌ ᠢᠷᠡᠭᠡᠳ ᠳᠣᠲᠣᠷ᠎ᠠ ᠪᠠᠨ ᠮᠠᠰᠢ ᠶᠡᠬᠡ ᠭᠠᠶ᠋ᠢᠬᠠᠭᠰᠠᠨ ᠪᠣᠯᠪᠠᠴᠤ ᠶᠠᠭᠤ ᠴᠤ᠌  ᠬᠡᠯᠡᠭᠰᠡᠨ ᠦᠭᠡᠢ ᠂ ᠨᠢᠭᠡᠨ ᠲᠣᠮᠣ ᠠᠯᠤᠬ᠎ᠠ ᠶ᠋ᠢ ᠠᠪᠴᠤ ᠴᠢᠯᠠᠭᠤᠨ ᠬᠥᠮᠦᠨ ᠊ᠢ ᠬᠠᠭ᠎ᠠ ᠴᠣᠬᠢᠭᠠᠳ ᠨᠢᠭᠡ ᠲᠡᠶ᠋ᠢᠰᠢ ᠬᠠᠶᠠᠪᠠ ᠃ 
      ᠵᠢᠶᠠ ᠯᠦ᠍ ᠰᠡᠳᠬᠢᠷᠦᠨ ᠄ 《 ᠡᠨᠡ ᠴᠢᠯᠠᠭᠤᠨ ᠬᠥᠮᠦᠨ ᠢᠯᠡᠷᠡᠭᠰᠡᠨ ᠢᠨᠤ ᠲᠡᠷᠡ ᠬᠡᠦᠬᠡᠳ ᠦ᠋ᠨ ᠳᠠᠭᠤᠤ ᠶ᠋ᠢ ᠰᠢᠯᠭᠠᠨ ᠭᠡᠷᠡᠴᠢᠯᠡᠪᠡ ᠃ ᠡᠳᠦᠭᠡ ᠪᠢ ᠲᠡᠭᠦᠨ ᠊ᠢ ᠪᠠᠯᠪᠠ ᠴᠣᠬᠢᠵᠤ ᠬᠠᠶᠠᠭᠰᠠᠨ ᠲᠤᠯᠠ  ᠬᠡᠷᠡᠭ ᠦᠭᠡᠢ ᠪᠣᠯᠪᠠᠢ 》 ᠬᠡᠮᠡᠭᠡᠳ ᠤᠤᠯ ᠤ᠋ᠨ ᠶᠣᠰᠣᠭᠠᠷ ᠭᠣᠣᠯ ᠵᠠᠰᠠᠬᠤ ᠠᠵᠢᠯ ᠳ᠋ᠤ᠌ ᠪᠠᠨ ᠶᠠᠭᠠᠷᠠᠵᠤ ᠡᠬᠢᠯᠡᠪᠡ ᠃ ᠭᠡᠲᠡᠯ᠎ᠡ ᠬᠦᠴᠦᠨ ᠦ᠌ ᠡᠷᠡᠴᠦᠳ ᠡᠨᠡ ‍ᠬᠦ ᠭᠠᠶ᠋ᠢᠬᠠᠯᠲᠠᠢ  ᠬᠡᠷᠡᠭ ᠊ᠢ ᠨᠢᠭᠡ ᠡᠴᠡ ᠠᠷᠪᠠ ᠂ ᠠᠷᠪᠠ ᠠ᠋ᠴᠠ ᠵᠠᠭᠤ ᠳᠠᠮᠵᠢᠨ  ᠬᠡᠯᠡᠯᠴᠡᠭᠰᠡᠭᠡᠷ ᠬᠠᠲᠤᠨ ᠭᠣᠣᠯ ᠤ᠋ᠨ ᠠᠷᠤ ᠥᠪᠥᠷ ᠢ᠋ᠶ᠋ᠡᠷ ᠳᠠᠷᠬᠠᠨ ᠳᠡᠯᠭᠡᠷᠡᠵᠦ ᠡᠰᠡ ᠮᠡᠳᠡᠬᠦ ᠬᠥᠮᠦᠨ ᠦᠭᠡᠢ ᠪᠣᠯᠵᠠᠢ  ᠃  
     ᠲᠡᠨᠳᠡᠴᠡ ᠵᠠᠷᠯᠢᠭ ᠢ᠋ᠶ᠋ᠠᠷ ᠵᠢᠶᠠ ᠯᠦ᠍ ᠠᠷᠪᠠᠨ ᠳᠣᠯᠣᠭᠠᠨ ᠲᠦᠮᠡᠨ ᠴᠡᠷᠢᠭ ᠠᠷᠠᠳ ᠊ᠢ ᠳᠠᠶ᠋ᠢᠴᠢᠯᠠᠨ ᠾᠧᠨᠠᠨ ᠤ᠋ ᠤᠮᠠᠷ᠎ᠠ ᠬᠡᠰᠡᠭ ᠲᠦ᠍ ᠬᠠᠲᠤᠨ ᠭᠣᠣᠯ ᠤ᠋ᠨ ᠬᠠᠭᠤᠴᠢᠨ ᠬᠠᠰᠢᠯᠭ᠎ᠠ ᠳᠠᠯᠠᠩ ᠊ᠢ ᠵᠠᠰᠠᠨ ᠰᠡᠯᠪᠢᠵᠦ ᠲᠣᠭᠲᠠᠭᠰᠠᠨ ᠬᠤᠭᠤᠴᠠᠭ᠎ᠠ ᠳ᠋ᠤ᠌ ᠳᠠᠭᠤᠰᠬᠠᠬᠤ ᠪᠠᠷ ᠮᠠᠰᠢ ᠶᠠᠭᠠᠷᠠᠯᠳᠤᠵᠤ ᠪᠠᠶ᠋ᠢᠪᠠ ᠃ ᠡᠭᠦᠷᠭᠡ ᠬᠦᠨᠳᠦ ᠂ ᠴᠠᠭ ᠪᠠᠴᠢᠮ ᠲᠤᠯᠠ ᠵᠢᠶᠠ ᠯᠦ᠍ ᠣᠷᠣᠨ ᠨᠤᠲᠤᠭ ᠤ᠋ᠨ ᠨᠣᠶᠠᠨ ᠊ᠢ ᠵᠠᠷᠯᠠᠵᠤ ᠢᠷᠭᠡᠨ ᠦ᠌ ᠠᠯᠪᠠ ᠲᠠᠲᠠᠪᠠ ᠃ ᠬᠠᠲᠤᠨ ᠭᠣᠣᠯ ᠊ᠢ ᠵᠠᠰᠠᠨ ᠰᠡᠯᠪᠢᠬᠦ  ᠠᠵᠢᠯ ᠲᠤᠶ᠋ᠢᠯ ᠤ᠋ᠨ ᠬᠦᠨᠳᠦ ᠵᠦᠳᠡᠷᠡᠯ ᠲᠡᠢ ᠣᠴᠢᠷ᠎ᠠ ᠠᠷᠠᠳ  ᠰᠠᠢᠨ ᠳᠤᠷ᠎ᠠ ᠠ᠋ᠴᠠ ᠢᠷᠡᠬᠦ ᠢᠨᠦ ᠦᠭᠡᠢ ᠠᠵᠢ ᠃ ᠣᠨᠴᠠᠭᠠᠶ᠋ᠢᠯᠠᠨ ᠱᠠᠨᠳᠦ᠋ᠩ ᠂ ᠾᠧᠨᠠᠨ ᠤ᠋ ᠭᠠᠵᠠᠷ ᠦᠷᠭᠦᠯᠵᠢᠯᠡᠨ ᠭᠠᠢ ᠭᠠᠮᠰᠢᠭ ᠪᠣᠯᠵᠤ  ᠬᠥᠭᠰᠢᠨ ᠵᠡᠮᠲᠡᠭ  ᠶᠠᠳᠠᠷ ᠳᠣᠷᠣᠢ ᠬᠥᠮᠦᠰ ᠦᠬᠦᠵᠦ  ᠳᠦᠭᠦᠷᠦᠭᠡᠳ ᠂ ᠢᠳᠡᠷ ᠵᠠᠯᠠᠭᠤ ᠬᠦᠴᠦ ᠲᠠᠮᠢᠷ ᠲᠠᠢ ᠬᠥᠮᠦᠰ ᠨᠢ ᠭᠠᠳᠠᠭᠰᠢ ᠳᠤᠲᠠᠭᠠᠵᠤ ᠬᠦᠴᠦᠨ ᠦ᠌ ᠠᠯᠪᠠ ᠣᠯᠬᠤ ᠳ᠋ᠤᠷ ᠪᠡᠷᠬᠡ ᠪᠠᠶ᠋ᠢᠵᠤᠬᠤᠢ ᠃ ᠨᠤᠲᠤᠭ ᠤ᠋ᠨ ᠨᠣᠶᠠᠳ ᠠᠷᠭ᠎ᠠ ᠠᠯᠳᠠᠬᠤ ᠳ᠋ᠤ᠌ ᠪᠠᠨ ᠡᠷᠦᠬᠡ ᠳᠠᠷᠠᠭᠠᠯᠠᠨ ᠬᠦᠴᠦᠨ ᠦ᠌ ᠠᠯᠪᠠ ᠲᠡᠰᠬᠡᠵᠦ ᠪᠠᠶᠠᠨ ᠶᠠᠳᠠᠭᠤ ᠡᠷᠬᠢᠮ ᠳᠣᠣᠷᠠᠲᠤ ᠶ᠋ᠢᠨ ᠢᠯᠭᠠᠯ ᠦᠭᠡᠢ ᠭᠡᠷ ᠪᠦᠯᠢ ᠶ᠋ᠢᠨ ᠬᠥᠮᠦᠨ ᠠᠮᠠ ᠶ᠋ᠢᠨ ᠲᠣᠭ᠎ᠠ ᠪᠠᠷ ᠭᠣᠣᠯ ᠮᠠᠯᠲᠠᠬᠤ ᠬᠦᠴᠦᠨ ᠦ᠌ ᠠᠯᠪᠠ ᠲᠠᠲᠠᠪᠠ ᠃ ᠡᠭᠦᠨ ᠦ᠌ ᠳ᠋ᠦ᠋ᠩ ᠳ᠋ᠦ᠍ ᠡᠳ᠋ ᠮᠥᠩᠭᠥ ᠲᠡᠢ ᠨᠢ ᠡᠳ᠋ ᠮᠥᠩᠭᠥ ᠪᠡᠷ ᠢ᠋ᠶ᠋ᠡᠨ ᠬᠡᠭᠡᠯᠢ ᠲᠦᠯᠬᠢᠵᠦ ᠬᠦᠴᠦᠨ ᠦ᠌ ᠠᠯᠪᠠ ᠠ᠋ᠴᠠ  ᠬᠡᠯᠲᠦᠷᠢᠵᠦ ᠂ ᠡᠳ᠋ ᠮᠥᠩᠭᠥ ᠦᠭᠡᠢ ᠶᠠᠳᠠᠭᠤ ᠵᠦᠳᠡᠭᠦᠦ ᠠᠶ᠋ᠢᠯ ᠨᠢ ᠬᠦᠴᠦᠨ ᠦ᠌ ᠠᠯᠪᠠ ᠶ᠋ᠢᠨ ᠬᠦᠨᠳᠦ ᠡᠭᠦᠷᠭᠡ ᠶ᠋ᠢ ᠳᠠᠭᠠᠭᠠᠵᠤ ᠠᠮᠢᠳᠤᠷᠠᠬᠤ ᠵᠠᠮ ᠦᠭᠡᠢ ᠪᠣᠯᠵᠠᠢ ᠃ 
     ᠥᠭᠦᠯᠡᠬᠦ ᠨᠢ ᠂ ᠶᠢᠩᠵᠧᠦ ( ᠣᠳᠣ ᠶ᠋ᠢᠨ ᠠᠨᡁᠤᠶ᠋ᠢ ᠶ᠋ᠢᠨ ᠹᠦᠶᠠᠩ ) ᠭᠠᠵᠠᠷ ᠲᠤ᠌ ᠨᠢᠭᠡᠨ ᠬᠠᠨ ᠣᠪᠣᠭᠲᠤ ᠪᠠᠶᠠᠨ ᠠᠶ᠋ᠢᠯ ᠪᠠᠶ᠋ᠢᠪᠠ ᠃ ᠭᠡᠷ ᠦ᠋ᠨ ᠡᠵᠡᠨ ᠦ᠌ ᠨᠡᠷ᠎ᠡ ᠢᠨᠦ ᠱᠠᠨ ᠲᠦᠩ ᠬᠡᠮᠡᠮᠦᠢ ᠃ ᠤᠭ ᠨᠤᠲᠤᠭ ᠨᠢ ᠾᠧᠪᠧᠢ ᠶ᠋ᠢᠨ ᠯᠥᠸᠠᠨ ᠰᠢᠶᠠᠨ ᠪᠤᠶᠤ ᠃ ᠡᠪᠦᠭᠡ ᠪᠣᠯᠤᠨ ᠡᠴᠢᠭᠡ ᠨᠢ ᠪᠦᠷ ᠪᠠᠢ ᠯᠢᠶᠠᠨ ᠵᠢᠶᠣᠤ ᠰᠤᠷᠲᠠᠬᠤᠨ ᠤ᠋ ᠲᠦᠷᠦᠭᠦᠦ ᠪᠠᠶ᠋ᠢᠪᠠ ᠃ ᠪᠠᠢ ᠯᠢᠶᠠᠨ ᠵᠢᠶᠣᠤ ᠰᠤᠷᠲᠠᠬᠤᠨ ᠪᠣᠯᠪᠠᠰᠤ ᠬᠢᠲᠠᠳ ᠪᠣᠲ‍ᠲ‍ᡁᠨ ᠤ᠋ ᠱᠠᠰᠢᠨ ᠤ᠋ ᠵᠢᠩ ᠲᠦ ᠽᠦᠩ ( ᠠᠷᠢᠯᠤᠭᠰᠠᠨ ᠣᠷᠣᠨ ᠪᠤᠶᠤ ᠰᠠᠨᠰᠺᠷᠢᠲ ᠢ᠋ᠶ᠋ᠠᠷ ᠰᠥᠺᠡᠸᠡᠲᠢ ᠬᠡᠮᠡᠮᠦᠢ ) ᠲᠣᠭᠲᠠᠭᠠᠭᠰᠠᠨ ᠲᠠᠭᠠᠯᠠᠯ ᠤ᠋ᠨ ᠨᠢᠭᠡᠨ ᠰᠠᠯᠪᠤᠷᠢ ᠪᠥᠯᠥᠭᠡ ᠃ ᠡᠮᠦᠨᠡᠲᠦ ᠰᠥᠩ ᠤᠯᠤᠰ ᠤ᠋ᠨ ᠦᠶ᠎ᠡ ᠳ᠋ᠦ᠍ ᠪᠠᠶ᠋ᠢᠭᠤᠯᠤᠭᠲᠠᠵᠤ ᠶᠤᠸᠠᠨ ᠤᠯᠤᠰ ᠤ᠋ᠨ ᠦᠶ᠎ᠡ ᠳ᠋ᠦ᠍ ᠶᠡᠬᠡ ᠪᠡᠷ ᠬᠥᠭᠵᠢᠨ ᠳᠡᠯᠭᠡᠷᠡᠪᠡ ᠃ ᠲᠡᠳᠡ 《 ᠮᠠᠶ᠋ᠢᠲᠠᠷᠢ ᠪᠤᠷᠬᠠᠨ ᠶᠢᠷᠲᠢᠨᠴᠦ ᠳ᠋ᠦ᠍ ᠮᠡᠨᠳᠦᠯᠡᠵᠦ ᠭᠡᠭᠡᠨ ᠰᠠᠷᠠᠭᠤᠯ ᠲᠦᠨᠡᠷ ᠬᠠᠷᠠᠩᠭᠤᠢ ᠶ᠋ᠢ ᠢᠯᠠᠮᠤᠢ 》 ᠭᠡᠮᠡᠨ ᠰᠤᠷᠲᠠᠯᠴᠢᠯᠠᠵᠤ ᠶᠠᠳᠠᠭᠤ ᠵᠣᠪᠠᠯᠠᠩᠲᠤ ᠢᠷᠭᠡᠳ ᠦ᠋ᠨ ᠬᠦᠷᠢᠶᠡᠯᠡᠯ ᠊ᠢ ᠣᠯᠪᠠ ᠃ ᠬᠠᠨ ᠱᠠᠨ ᠲᠦᠩ ᠦ᠋ᠨ ᠡᠪᠦᠭᠡ ᠪᠣᠯᠤᠨ ᠡᠴᠢᠭᠡ ᠶ᠋ᠢᠨ ᠦᠶ᠎ᠡ ᠳ᠋ᠦ᠍ ᠬᠦᠵᠢ ᠵᠤᠯᠠ ᠪᠠᠷᠢᠵᠤ ᠂ ᠡᠪᠡᠳᠴᠢᠨ ᠦᠵᠡᠵᠦ ᠵᠠᠶᠠᠭ᠎ᠠ ᠪᠣᠳᠣᠵᠤ ᠮᠠᠰᠢ ᠶᠡᠬᠡ ᠡᠳ᠋ ᠬᠥᠷᠥᠩᠭᠡ ᠬᠤᠷᠠᠮᠳᠤᠭᠤᠯᠪᠠ ᠃ ᠬᠠᠨ ᠱᠠᠨ ᠲᠦᠩ ᠦ᠋ᠨ ᠦᠶ᠎ᠡ ᠳ᠋ᠦ᠍ ᠢᠷᠡᠭᠡᠳ ᠡᠳ᠋ ᠠᠭᠤᠷᠠᠰᠤᠨ ᠠᠨᠤ ᠠᠭᠤᠯᠠ ᠮᠡᠲᠦ ᠣᠪᠣᠭᠠᠷᠠᠵᠤ ᠵᠣᠷᠢᠭ ᠰᠥᠰᠥ ᠢᠨᠦ ᠪᠦᠳᠦᠭᠦᠷᠡᠭᠡᠳ ᠥᠪᠡᠷ ᠊ᠢ ᠪᠡᠨ 《 ᠰᠥᠩ  ᠾᠦᠢᠽᠦ᠋ᠩ ᠦ᠋ᠨ ᠨᠠᠢ᠍ᠮᠠᠳᠤᠭᠠᠷ ᠦᠶ᠎ᠡ ᠶ᠋ᠢᠨ ᠣᠮᠪᠣᠯᠣ 》 ᠭᠡᠮᠡᠨ ᠡᠷᠭᠦᠭᠡᠳ ᠯᠢᠦ ᠹᠦ ᠲᠦᠩ ᠯᠤᠭᠡ ᠨᠡᠶ᠋ᠢᠯᠡᠵᠦ ᠶᠤᠸᠠᠨ ᠤᠯᠤᠰ ᠊ᠢ ᠡᠰᠡᠷᠭᠦᠴᠡᠬᠦ ᠨᠢᠭᠤᠴᠠ ᠱᠠᠰᠢᠨ ᠤ᠋ ᠡᠪᠯᠡᠯ ᠊ᠢ ᠪᠠᠶ᠋ᠢᠭᠤᠯᠪᠠ ᠃ 
     ᠯᠢᠦ ᠹᠦ ᠲᠦᠩ ᠪᠣᠯᠪᠠᠰᠤ ᠶᠢᠩᠵᠧᠦ ᠭᠠᠵᠠᠷ ᠤ᠋ᠨ ᠬᠥᠮᠦᠨ ᠪᠥᠯᠥᠭᠡ ᠃ ᠬᠠᠨ ᠱᠠᠨ ᠲᠦᠩ ᠦ᠋ᠨ ᠬᠠᠮᠤᠭ ᠤ᠋ᠨ ᠢᠲᠡᠭᠡᠯᠲᠦ ᠬᠥᠮᠦᠨ ᠪᠣᠯᠠᠢ ᠃ ᠲᠡᠷᠡ ᠪᠡᠷ ᠳᠦ ᠼᠦᠨ ᠳ᠋ᠣᠣ ᠂ ᠯᠦᠸᠧ ᠸᠸᠨ ᠰᠦ᠍ ᠂ ᠱᠸᠩ ᠸᠸᠨ ᠢᠦᠢ ᠂ ᠸᠠᠩ ᠰᠢᠶᠠᠨ ᠵᠦᠩ ᠂ ᠬᠠᠨ ᠶᠣᠣ ᠡᠯ ᠵᠡᠷᠭᠡ ᠬᠥᠮᠦᠰ ᠯᠣᠭᠡ ᠨᠥᠬᠥᠴᠡᠯᠳᠦᠵᠦ ᠂ ᠬᠠᠨ ᠱᠠᠨ ᠲᠦᠩ ᠦ᠋ᠨ ᠵᠣᠬᠢᠶᠠᠭᠰᠠᠨ 《 ᠴᠠᠭᠠᠨ ᠯᠢᠩᠬᠤ᠎ᠠ ᠰᠤᠳᠤᠷ 》 ᠬᠡᠮᠡᠬᠦ ᠶ᠋ᠢ ᠱᠠᠨᠳᠦ᠋ᠩ ᠂ ᠾᠧᠪᠧᠢ ᠂ ᠾᠧᠨᠠᠨ ᠤ᠋ ᠭᠠᠵᠠᠷ ᠲᠤ᠌ ᠲᠠᠷᠬᠠᠭᠠᠨ 《 ᠱᠠᠨ ᠲᠦᠩ ᠪᠣᠯᠪᠠᠰᠤ ᠮᠠᠶ᠋ᠢᠲᠠᠷᠢ ᠪᠤᠷᠬᠠᠨ ᠤ᠋ ᠬᠤᠪᠢᠯᠭᠠᠨ ᠂ ᠶᠢᠷᠲᠢᠨᠴᠦ ᠳ᠋ᠦ᠍ ᠪᠠᠭᠤᠵᠤ ᠮᠡᠨᠳᠦᠯᠡᠭᠡᠳ ᠬᠥᠮᠦᠨ ᠠᠮᠢᠲᠠᠨ ᠊ᠢ ᠠᠪᠤᠷᠠᠮᠤᠢ 》 ᠂ 《 ᠪᠠᠢ ᠯᠢᠶᠠᠨ ᠵᠢᠶᠣᠤ ᠰᠤᠷᠲᠠᠬᠤᠨ ᠊ᠢ ᠰᠢᠲᠦᠪᠡᠰᠦ ᠭᠠᠯ ᠤᠰᠤ ᠴᠡᠷᠢᠭ ᠲᠠᠶ᠋ᠢᠨ ᠤ᠋ ᠠᠶᠤᠯ ᠠ᠋ᠴᠠ ᠠᠪᠤᠷᠠᠭᠳᠠᠮᠤᠢ 》 ᠭᠡᠮᠡᠨ ᠶᠡᠬᠡᠳᠡ ᠠᠯᠳᠠᠷᠰᠢᠭᠤᠯᠤᠭᠰᠠᠨ᠎ᠠ ᠬᠤᠨᠠᠨ ᠂ ᠵᠢᠶᠠᠩ ᠬᠤᠸᠠᠢ ᠭᠠᠵᠠᠷ ᠤ᠋ᠨ ᠮᠤᠩᠬᠠᠭ ᠠᠷᠠᠳ ᠪᠦᠷ ᠲᠡᠭᠦᠨ ᠦ᠌ ᠤᠬᠠᠭᠤᠯᠤᠯ ᠳ᠋ᠤ᠌ ᠰᠡᠳᠬᠢᠯ ᠪᠣᠳᠣᠯ ᠲᠥᠭᠡᠷᠢᠭᠳᠡᠭᠡᠳ ᠪᠢᠰᠢᠷᠡᠨ ᠳᠠᠭᠠᠭᠰᠠᠳ ᠡᠳᠦᠷ ᠢᠷᠡᠬᠦᠶ᠎ᠡ ᠣᠯᠠᠰᠢᠷᠠᠪᠠ ᠃ 

     ᠬᠠᠨ ᠱᠠᠨ ᠲᠦᠩ ᠂ ᠯᠢᠦ ᠹᠦ ᠲᠦᠩ ᠨᠠᠷ ᠬᠥᠮᠦᠰ ᠲᠡᠭᠦᠨ ᠊ᠢ ᠢᠲᠡᠭᠡᠵᠦ ᠬᠦᠷᠢᠶᠡᠯᠡᠬᠦ ᠶ᠋ᠢ ᠦᠵᠡᠭᠡᠳ ᠣᠳᠣ ᠮᠣᠩᠭᠣᠯ ᠊ᠢ ᠬᠥᠭᠡᠭᠡᠵᠦ ᠂ ᠬᠢᠲᠠᠳ ᠤ᠋ᠨ ᠲᠥᠷᠥ ᠶ᠋ᠢ ᠪᠠᠶ᠋ᠢᠭᠤᠯᠬᠤ ᠴᠠᠭ ᠪᠣᠯᠤᠯ᠎ᠠ ᠭᠡᠮᠡᠨ ᠰᠡᠳᠬᠢᠵᠦ ᠤᠷᠪᠠᠨ ᠪᠣᠰᠤᠯᠴᠠᠬᠤ ᠵᠠᠪᠰᠢᠶᠠᠨ ᠲᠣᠬᠢᠶᠠᠯ ᠊ᠢ ᠡᠷᠢᠵᠦ ᠪᠠᠶ᠋ᠢᠯ᠎ᠠ ᠃ ᠶᠠᠭ ᠡᠨᠡ ᠦᠶ᠎ᠡ ᠳ᠋ᠦ᠍ ᠵᠢᠶᠠ ᠯᠦ᠍ ᠵᠠᠷᠯᠢᠭ ᠢ᠋ᠶ᠋ᠠᠷ ᠬᠠᠲᠤᠨ ᠭᠣᠣᠯ ᠊ᠢ ᠵᠠᠰᠠᠬᠤ ᠠᠵᠢᠯ ᠊ᠢ ᠥᠷᠨᠢᠭᠦᠯᠦᠨ ᠂ ᠭᠣᠣᠯ ᠤ᠋ᠨ ᠤᠮᠠᠷᠠᠲᠤ ᠡᠮᠦᠨᠡᠲᠦ ᠶ᠋ᠢᠨ  ᠴᠡᠷᠢᠭ ᠠᠷᠠᠳ  ᠊ᠢ ᠠᠷᠪᠠᠨ ᠳᠣᠯᠣᠭᠠᠨ ᠲᠦᠮᠡᠨ ᠬᠥᠮᠦᠨ ᠳᠠᠶ᠋ᠢᠴᠢᠯᠠᠨ ᠂ ᠭᠣᠣᠯ ᠤ᠋ᠨ ᠤᠤᠯ ᠤ᠋ᠨ ᠭᠤᠯᠳᠤᠷᠢᠯ ᠊ᠢ ᠨᠡᠪᠲᠡᠷᠡᠭᠦᠯᠬᠦ ᠪᠡᠷ ᠳᠡᠭᠡᠳᠦ ᠤᠷᠤᠰᠬᠠᠯ ᠊ᠢ ᠬᠠᠰᠢᠵᠤ ᠳᠣᠣᠷᠠᠲᠤ ᠤᠷᠤᠰᠬᠠᠯ ᠊ᠢ ᠨᠡᠪᠲᠡᠷᠡᠭᠦᠯᠬᠦ ᠪᠡᠷ ᠴᠠᠭ ᠬᠤᠭᠤᠴᠠᠭᠠᠯᠠᠨ ᠠᠵᠢᠯᠯᠠᠪᠠ ᠃  
     ᠨᠢᠭᠡᠨ ᠡᠳᠦᠷ ᠬᠠᠨ ᠱᠠᠨ ᠲᠦᠩ ᠶᠠᠰᠤᠨ ᠲᠥᠯᠭᠡ ᠬᠠᠶᠠᠵᠤ ᠥᠭᠦᠯᠡᠷᠦᠨ ᠄ 《 ᠳᠡᠯᠡᠬᠡᠢ ᠳ᠋ᠠᠬᠢᠨ ᠰᠠᠮᠠᠭᠤᠷᠠᠬᠤ ᠴᠠᠭ ᠬᠦᠷᠴᠦ ᠢᠷᠡᠯ᠎ᠡ ᠃ ᠪᠢ ᠵᠢᠷᠤᠮ ᠊ᠢ ᠪᠠᠷᠢᠵᠤ ᠬᠡᠷᠡᠭ ᠡᠭᠦᠰᠬᠡᠬᠦ ᠶ᠋ᠢ ᠰᠡᠳᠬᠢᠭᠡᠳ ᠤᠳᠠᠪᠠᠢ ᠃ ᠣᠳᠣ ᠴᠠᠭ ᠲᠣᠬᠢᠶᠠᠯ ᠬᠦᠷᠴᠦ ᠢᠷᠡᠪᠡ 》 ᠭᠡᠮᠡᠨ ᠱᠠᠨᠳᠦ᠋ᠩ ᠦ᠋ᠨ ᠭᠠᠵᠠᠷ ᠠ᠋ᠴᠠ ᠯᠢᠦ ᠹᠦ ᠲᠦᠩ ᠊ᠢ ᠳᠠᠭᠤᠳᠠᠨ ᠠᠪᠴᠢᠷᠠᠭᠠᠳ ᠬᠡᠷᠬᠢᠨ ᠭᠠᠷ ᠬᠥᠳᠡᠯᠬᠦ ᠲᠤᠬᠠᠢ ᠵᠥᠪᠳᠡᠪᠡᠰᠦ ᠯᠢᠦ ᠹᠦ ᠲᠦᠩ  ᠥᠭᠦᠯᠡᠷᠦᠨ ᠄ 《 ᠭᠣᠣᠯ ᠤ᠋ᠨ ᠡᠮᠦᠨ᠎ᠡ ᠤᠮᠠᠷ᠎ᠠ ᠳ᠋ᠤᠷ ᠬᠡᠦᠬᠡᠳ ᠦ᠋ᠨ ᠳᠠᠭᠤᠤ ᠶᠠᠪᠤᠭᠳᠠᠵᠤ ᠪᠠᠶ᠋ᠢᠬ᠋᠎ᠠ ᠪᠢᠰᠢᠦ ? < ᠭᠠᠭᠴᠠ ᠨᠢᠳᠦᠲᠦ ᠴᠢᠯᠠᠭᠤᠨ ᠬᠥᠮᠦᠨ ᠢᠯᠡᠷᠡᠪᠡᠯ ᠂  ᠭᠠᠯᠪᠠ ᠳᠡᠯᠡᠬᠡᠢ ᠤᠷᠪᠠᠮᠤᠢ > ᠬᠡᠮᠡᠬᠦᠢ ᠦᠭᠡ ᠣᠳᠣ ᠰᠢᠯᠭᠠᠨ ᠭᠡᠷᠡᠴᠢᠯᠡᠬᠦ ᠴᠠᠭ ᠪᠣᠯᠪᠠ ᠃ ᠪᠢᠳᠡ ᠴᠸᠨ ᠱᠸᠩ ᠂ ᠡᠦ ᠭᠤᠸᠠᠩ ᠪᠣᠰᠤᠯᠴᠠᠨ ᠴᠢᠨ ᠤᠯᠤᠰ ᠊ᠢ  ᠮᠦᠬᠦᠭᠡᠭᠰᠡᠨ ᠠᠷᠭ᠎ᠠ ᠪᠠᠷ ᠬᠢᠰᠦᠭᠡᠢ !  》 ᠬᠡᠮᠡᠭᠰᠡᠨ᠎ᠡ ᠬᠠᠨ ᠱᠠᠨ ᠲᠦᠩ ᠶᠡᠬᠡᠳᠡ ᠪᠠᠶᠠᠷᠯᠠᠵᠤ ᠄ 《 ᠡᠨᠡ ᠠᠷᠭ᠎ᠠ ᠮᠠᠰᠢ ᠰᠠᠢᠨ ! ᠬᠡᠳᠦᠨ ᠵᠢᠯ ᠦ᠋ᠨ ᠡᠮᠦᠨ᠎ᠡ ᠡᠨᠡ ‍ᠬᠦ ᠬᠡᠦᠬᠡᠳ ᠦ᠋ᠨ ᠳᠠᠭᠤᠤ  ᠳᠡᠯᠭᠡᠷᠡᠭᠰᠡᠨ ᠢᠨᠤ ᠲᠩᠷᠢ ᠶᠤᠸᠠᠨ ᠤᠯᠤᠰ ᠊ᠢ ᠮᠥᠬᠥᠭᠡᠬᠦ ᠪᠣᠯᠪᠠᠢ 》 ᠬᠡᠮᠡᠪᠡ ᠃ 
     ᠬᠠᠨ ᠱᠠᠨ ᠲᠦᠩ ᠂ ᠯᠢᠦ ᠹᠦ ᠲᠦᠩ ᠨᠢᠭᠤᠴᠠ ᠪᠠᠷ ᠵᠥᠪᠯᠡᠯᠳᠦᠨ ᠲᠣᠭᠲᠠᠭᠰᠠᠨ ᠤ᠋ ᠬᠣᠶ᠋ᠢᠨ᠎ᠠ ᠰᠡᠳᠬᠢᠯ ᠵᠢᠷᠦᠬᠡᠨ ᠦ᠌ ᠬᠥᠮᠦᠨ ᠢ᠋ᠶ᠋ᠡᠨ ᠲᠣᠮᠢᠯᠠᠨ ᠬᠤᠤᠪᠢᠯᠳᠤᠭᠰᠠᠨ ᠵᠤᠶ᠋ᠢᠯ ᠢ᠋ᠶ᠋ᠠᠨ ᠪᠣᠳᠠᠲᠠᠢ ᠪᠠᠷ ᠶᠠᠪᠤᠭᠳᠠᠭᠤᠯᠪᠠ ᠃ ᠦᠨᠡᠬᠡᠷ ᠬᠡᠳᠦᠨ ᠡᠳᠦᠷ ᠪᠣᠯᠤᠭᠰᠠᠨ ᠦᠭᠡᠢ 《 ᠵᠢᠶᠠ ᠡᠷᠭᠢᠨ ᠰᠠᠶ᠋ᠢᠳ ᠬᠤᠸᠠᠩ ᠯᠢᠩ ᠭᠠᠩ ᠠ᠋ᠴᠠ ᠥᠷᠥᠭᠡᠰᠦᠨ ᠨᠢᠳᠦ ᠲᠡᠢ ᠴᠢᠯᠠᠭᠤᠨ ᠬᠥᠮᠦᠨ ᠮᠠᠯᠲᠠᠵᠤ ᠭᠠᠷᠭᠠᠪᠠ ᠃ ᠡᠨᠡ ᠨᠢ ᠤᠷᠢᠳᠤᠬᠢ ᠬᠡᠦᠬᠡᠳ ᠦ᠋ᠨ ᠳᠠᠭᠤᠤ ᠶ᠋ᠢ ᠰᠢᠯᠭᠠᠨ ᠭᠡᠷᠡᠴᠢᠯᠡᠵᠦ ᠳᠡᠯᠡᠬᠡᠢ ᠳ᠋ᠠᠬᠢᠨ ᠡᠷᠬᠡ ᠦᠭᠡᠢ ᠤᠷᠪᠠᠮᠤᠢ 》 ᠬᠡᠮᠡᠬᠦ ᠴᠤᠤᠷᠬᠠᠯ ᠦᠭᠡ ᠳᠡᠯᠭᠡᠷᠡᠪᠡ ᠃ ᠡᠳᠦᠭᠡ ᠨᠣᠶᠠᠳ ᠤ᠋ᠨ ᠬᠠᠪᠴᠢᠯ ᠳᠠᠷᠤᠯᠠᠯ ᠊ᠢ ᠠᠮᠰᠠᠭᠰᠠᠨ ᠪᠠᠶᠠᠳ ᠪᠣᠯᠤᠨ ᠬᠠᠷ᠎ᠠ ᠠᠵᠢᠯ ᠳ᠋ᠤ᠌ ᠪᠠᠷᠢᠭᠳᠠᠭᠰᠠᠨ ᠬᠦᠴᠦᠨ ᠦ᠌ ᠡᠷᠡᠴᠦᠳ ᠡᠨᠡ ᠴᠤᠤᠷᠬᠠᠯ ᠦᠭᠡ ᠶ᠋ᠢ ᠰᠣᠨᠣᠰᠤᠭᠠᠳ 《 ᠡᠵᠡᠨ ᠲᠥᠷᠥ ᠶᠣᠰᠣ ᠦᠭᠡᠢ ᠪᠣᠯᠪᠠ ᠂ ᠡᠷᠯᠢᠭ ᠦ᠋ᠨ ᠡᠯᠴᠢᠳ ᠬᠡᠭᠡᠯᠢ ᠢᠳᠡᠭᠡᠳ ᠲᠠᠷᠭᠤᠯᠠᠪᠠ ᠃ ᠡᠩ ᠦ᠋ᠨ ᠠᠷᠠᠳ ᠠᠮᠢᠳᠤᠷᠠᠬᠤ ᠠᠷᠭ᠎ᠠ ᠦᠭᠡᠢ ᠪᠣᠯᠵᠤ ᠂ ᠡᠨᠡ ᠪᠡᠶ᠎ᠡ ᠶ᠋ᠢ ᠴᠦᠯᠡᠬᠦ ᠡᠴᠡ ᠣᠨᠳᠣᠣ ᠭᠠᠷᠬᠤ ᠵᠠᠮ ᠦᠭᠡᠢ 》 ᠭᠡᠮᠡᠨ ᠬᠠᠨ ᠱᠠᠨ ᠲᠦᠩ ᠂ ᠯᠢᠦ ᠹᠦ ᠲᠦᠩ ᠦ᠋ᠨ ᠲᠤᠭ ᠤ᠋ᠨ ᠳᠣᠣᠷ᠎ᠠ ᠴᠤᠭᠯᠠᠷᠠᠨ ᠢᠷᠡᠯᠴᠡᠪᠡ ᠃ 
      ᡁᠢ ᠵᠧᠩ ᠦ᠋ᠨ ᠠᠷᠪᠠᠨ ᠨᠢᠭᠡᠳᠦᠭᠡᠷ ᠣᠨ (1351 ᠣᠨ ) ᠤ᠋ ᠲᠠᠪᠤᠳᠤᠭᠠᠷ ᠰᠠᠷ᠎ᠠ ᠳ᠋ᠤ᠌ ᠬᠠᠨ ᠱᠠᠨ ᠲᠦᠩ ᠂ ᠯᠢᠦ ᠹᠦ ᠲᠦᠩ ᠨᠠᠷ ᠪᠠᠢ ᠯᠦ᠍ ᠵᠤᠸᠠᠩ ᠲᠣᠰᠬᠣᠨ ( ᠣᠳᠣ ᠶ᠋ᠢᠨ ᠠᠨᡁᠥ᠋ᠢ ᠶ᠋ᠢᠨ ᠶᠢᠩ ᠱᠠᠩ ᠰᠢᠶᠠᠨ ) ᠳ᠋ᠤ᠌ ᠶᠡᠬᠡ ᠴᠢᠭᠤᠯᠭᠠᠨ ᠴᠢᠭᠤᠯᠭᠠᠯᠠᠵᠤ ᠶᠤᠸᠠᠨ ᠤᠯᠤᠰ ᠊ᠢ ᠮᠥᠬᠥᠭᠡᠵᠦ ᠶᠡᠬᠡ ᠰᠥᠩ ᠤᠯᠤᠰ ᠤ᠋ᠨ ᠲᠥᠷᠥ ᠶ᠋ᠢ ᠳᠠᠬᠢᠨ ᠮᠠᠲᠤᠭᠤᠯᠤᠮᠤᠢ ᠭᠡᠮᠡᠨ ᠰᠠᠭᠠᠷᠠᠯ ᠮᠣᠷᠢ ᠬᠠᠷ᠎ᠠ ᠦᠬᠡᠷ ᠠᠯᠠᠵᠤ ᠴᠢᠰᠤ ᠶ᠋ᠢ ᠤᠤᠭᠤᠯᠴᠠᠨ ᠠᠨᠲᠠᠭᠠᠶ᠋ᠢᠯᠠᠪᠠ ᠃ ᠡᠨᠡ ᠤᠳᠠᠭᠠᠨ ᠤ᠋ ᠴᠢᠭᠤᠯᠭᠠᠨ ᠳ᠋ᠤ᠌ ᠭᠤᠷᠪᠠᠨ ᠮᠢᠩᠭᠠᠨ ᠬᠥᠮᠦᠨ ᠣᠷᠣᠯᠴᠠᠭᠰᠠᠨ ᠪᠥᠭᠡᠳ ᠬᠠᠨ ᠱᠠᠨ ᠲᠦᠩ ᠶᠠᠷᠢᠶ᠎ᠠ ᠲᠠᠯᠪᠢᠨ 《 ᠤᠷᠢᠶᠠᠯᠠᠭ᠎ᠠ ᠶ᠋ᠢᠨ ᠪᠢᠴᠢᠭ 》 ᠤᠩᠰᠢᠵᠤ 《 ᠭᠤᠷᠪᠠᠨ ᠮᠢᠩᠭᠠᠨ ᠪᠠᠭᠠᠲᠤᠷ ᠴᠡᠷᠢᠭ ᠶᠢᠦ ᠶᠠᠨ ᠤ᠋ ᠭᠠᠵᠠᠷ ᠊ᠢ ᠡᠪᠳᠡᠵᠦ ᠂ ᠶᠢᠰᠦ ᠲᠠᠪᠤ ᠶ᠋ᠢᠨ ᠮᠠᠭᠰᠢᠯᠭ᠎ᠠ ᠪᠠᠷ ᠰᠥᠩ ᠦ᠋ᠨ ᠲᠥᠷᠥ ᠶ᠋ᠢ ᠰᠡᠷᠭᠦᠭᠡᠮᠦᠢ 》 ᠬᠡᠮᠡᠪᠡᠢ ᠃ ᠯᠢᠦ ᠹᠦ ᠲᠦᠩ ᠥᠪᠡᠷ ᠊ᠢ ᠪᠡᠨ ᠰᠥᠩ ᠤᠯᠤᠰ ᠤ᠋ᠨ ᠶᠡᠬᠡ ᠵᠠᠩᠵᠤᠨ ᠯᠢᠦ ᠭᠤᠸᠠᠩ ᠱᠢ ᠶ᠋ᠢᠨ ᠦᠷᠡᠰ ᠭᠡᠮᠡᠨ ᠥᠭᠦᠯᠡᠵᠦ ᠂ ᠬᠠᠨ ᠱᠠᠨ ᠲᠦᠩ ᠊ᠢ ᠲᠤᠰᠠᠯᠠᠨ ᠶᠡᠬᠡ ᠰᠥᠩ ᠤᠯᠤᠰ ᠊ᠢ ᠳᠠᠬᠢᠨ ᠮᠠᠨᠳᠤᠭᠤᠯᠤᠮᠤᠢ ᠭᠡᠮᠡᠨ ᠢᠯᠡᠷᠬᠡᠶ᠋ᠢᠯᠡᠪᠡ ᠃  
     ᠲᠡᠳᠡᠨ ᠦ᠌ ᠶᠤᠸᠠᠨ ᠤᠯᠤᠰ ᠊ᠢ ᠮᠥᠬᠥᠭᠡᠵᠦ ᠰᠥᠩ ᠤᠯᠤᠰ ᠊ᠢ ᠰᠡᠷᠭᠦᠭᠡᠨ ᠪᠠᠶ᠋ᠢᠭᠤᠯᠬᠤ ᠭᠡᠰᠡᠨ ᠤᠷᠢᠶ᠎ᠠ ᠨᠢ ᠵᠣᠬᠢᠬᠤ ᠬᠡᠮᠵᠢᠶᠡᠨ ᠦ᠌ ᠤᠷᠢᠶᠠᠯᠠᠬᠤ ᠬᠦᠴᠦᠨ ᠲᠡᠢ ᠠᠪᠠᠴᠤ ᠮᠠᠰᠢ ᠶᠡᠬᠡ ᠬᠢᠵᠠᠭᠠᠷᠲᠠᠮᠠᠯ ᠴᠢᠨᠠᠷ ᠲᠠᠢ ᠠᠵᠤᠭᠤ ᠃ ᠤᠴᠢᠷ ᠨᠢ ᠡᠮᠦᠨᠡᠲᠦ ᠰᠥᠩ ᠤᠯᠤᠰ ᠮᠥᠬᠥᠭᠡᠳ ᠳᠠᠯᠠ ᠭᠠᠷᠤᠢ ᠵᠢᠯ ᠦ᠋ᠨ ᠨᠢᠭᠤᠷ ᠦᠵᠡᠵᠦ ᠂ ᠤᠮᠠᠷᠠᠲᠤ ᠰᠥᠩ ᠤᠯᠤᠰ ᠮᠥᠬᠥᠭᠡᠳ ᠬᠣᠶᠠᠷ ᠵᠠᠭᠤ ᠭᠠᠷᠤᠢ ᠣᠨ ᠪᠣᠯᠤᠭᠰᠠᠨ ᠲᠤᠯᠠᠳᠠ ᠂ ᠲᠤᠬᠠᠢ ᠶ᠋ᠢᠨ ᠦᠶ᠎ᠡ ᠶ᠋ᠢᠨ ᠨᠣᠶᠠᠷᠬᠠᠭᠴᠢᠳ ᠤ᠋ᠨ ᠪᠠᠶ᠋ᠢᠲᠠᠯ ᠊ᠢ ᠬᠥᠮᠦᠰ ᠡᠰᠡ ᠮᠡᠳᠡᠬᠦ ᠪᠣᠯᠤᠭᠰᠠᠨ ᠪᠥᠯᠥᠭᠡ ᠃ ᠡᠨᠲᠡᠴᠡ ᠵᠠᠨᠤᠵᠤ ᠬᠣᠷᠣᠰᠬᠤ ᠨᠢ ᠵᠥᠪᠬᠡᠨ ᠣᠳᠣ ᠶ᠋ᠢᠨ ᠨᠣᠶᠠᠷᠬᠠᠭᠴᠢᠳ ᠪᠣᠯᠤᠮᠤᠢ ᠃ ᠴᠢᠭᠤᠯᠭᠠᠨ ᠳᠡᠭᠡᠷ᠎ᠡ ᠡᠯ᠎ᠡ ᠭᠠᠵᠠᠷ ᠤ᠋ᠨ ᠲᠦᠷᠦᠭᠦᠴᠦᠳ ᠵᠣᠷᠢᠭ ᠢ᠋ᠶ᠋ᠠᠨ ᠢᠯᠡᠳᠬᠡᠵᠦ ᠨᠠᠢ᠍ᠮᠠᠨ ᠰᠠᠷ᠎ᠠ ᠶ᠋ᠢᠨ ᠠᠷᠪᠠᠨ ᠲᠠᠪᠤᠨ ᠤ᠋ ᠡᠳᠦᠷ ᠤᠷᠪᠠᠯᠭ᠎ᠠ ᠭᠠᠷᠭᠠᠬᠤ ᠪᠠᠷ ᠪᠣᠯᠵᠣᠵᠤ ᠬᠠᠨ ᠱᠠᠨ ᠲᠦᠩ ᠊ᠢ 《 ᠮᠢᠩ ᠸᠠᠩ 》 ᠡᠷᠭᠦᠮᠵᠢᠯᠡᠪᠡ ᠃ 
      ᠬᠠᠨ ᠱᠠᠨ ᠲᠦᠩ ᠂ ᠯᠢᠦ ᠹᠦ ᠲᠦᠩ ᠨᠠᠷ ᠤ᠋ᠨ ᠪᠠᠢ  ᠯᠦ᠍ ᠵᠤᠸᠠᠩ ᠲᠣᠰᠬᠣᠨ ᠳ᠋ᠤ᠌ ᠶᠡᠬᠡ ᠴᠢᠭᠤᠯᠭᠠᠨ ᠪᠣᠯᠤᠭᠰᠠᠨ ᠬᠡᠷᠡᠭ ᠊ᠢ ᠠᠯᠪᠠᠨ ᠶᠠᠮᠤᠨ ᠤ᠋ ᠬᠢᠨ ᠰᠡᠷᠡᠵᠦ ᠮᠡᠳᠡᠭᠡᠳ ᠠᠯᠢ ᠬᠡᠲᠦᠶ᠋ᠢᠨ ᠬᠡᠳᠦᠨ ᠲᠦᠮᠡᠨ  ᠴᠡᠷᠢᠭ ᠢ᠋ᠶ᠋ᠡᠷ ᠪᠠᠢ ᠯᠦ᠍ ᠵᠤᠸᠠᠩ ᠲᠣᠰᠬᠣᠨ ᠊ᠢ ᠳᠠᠪᠬᠤᠷ ᠳᠠᠪᠬᠤᠷ ᠪᠦᠰᠡᠯᠡᠪᠡ ᠃ ᠴᠢᠭᠤᠯᠭᠠᠨ ᠳ᠋ᠤ᠌ ᠣᠷᠣᠯᠴᠠᠭᠰᠠᠨ ᠬᠥᠮᠦᠰ ᠶᠠᠭ ᠦᠬᠡᠷ ᠮᠣᠷᠢ ᠠᠯᠠᠵᠤ ᠴᠢᠰᠤ ᠪᠠᠨ ᠤᠤᠭᠤᠯᠴᠠᠵᠤ ᠪᠠᠶ᠋ᠢᠬᠰᠠᠨ ᠦᠶ᠎ᠡ ᠳ᠋ᠦ᠍ ᠠᠯᠪᠠᠨ  ᠴᠡᠷᠢᠭ ᠳᠠᠭᠠᠷᠢᠨ ᠣᠷᠣᠵᠤ ᠢᠷᠡᠭᠡᠳ ᠥᠨᠳᠥᠷ ᠰᠠᠭᠤᠳᠠᠯ ᠳ᠋ᠤ᠌ ᠰᠠᠭᠠᠲᠠᠵᠤ ᠪᠠᠶ᠋ᠢᠬᠰᠠᠨ ᠬᠠᠨ ᠱᠠᠨ ᠲᠦᠩ ᠊ᠢ ᠪᠠᠷᠢᠪᠴᠢᠯᠠᠨ ᠠᠯᠠᠪᠠ ᠃ ᠯᠢᠦ  ᠹᠦ ᠲᠦᠩ ᠡᠩ ᠦ᠋ᠨ ᠦᠶ᠎ᠡ ᠳ᠋ᠦ᠍ ᠰᠡᠯᠡᠮ᠎ᠡ ᠶ᠋ᠢᠨ ᠡᠷᠳᠡᠮ ᠪᠣᠯᠪᠠᠰᠤᠷᠠᠵᠤ ᠂ ᠬᠦᠴᠦ ᠲᠠᠮᠢᠷ ᠰᠠᠶ᠋ᠢᠲᠠᠢ ᠪᠥᠭᠡᠳ ᠰᠥᠰᠥ ᠵᠣᠷᠢᠭ ᠶᠡᠬᠡᠲᠡᠢ ᠬᠥᠮᠦᠨ ᠠᠵᠤᠭᠤ ᠃ ᠲᠡᠷᠡ ᠪᠡᠷ  ᠭᠡᠰᠡᠭ ᠪᠠᠭᠠᠲᠤᠷ ᠡᠷᠡᠴᠦᠳ ᠊ᠢ ᠳᠠᠭᠠᠭᠤᠯᠤᠨ ᠪᠦᠰᠡᠯᠡᠯᠲᠡ ᠶ᠋ᠢ ᠰᠢᠪᠲᠤᠯᠵᠤ  ᠲᠥᠷᠥᠭᠰᠡᠨ ᠨᠤᠲᠤᠭ ᠯᠢᠦ  ᠭᠧᠦ ᠼᠦᠨ ᠲᠣᠰᠬᠣᠨ ᠳ᠋ᠤ᠌ ᠪᠠᠨ ᠳᠤᠲᠠᠭᠠᠨ ᠣᠴᠢᠪᠠ ᠃  
      ᠨᠤᠲᠤᠭ ᠤ᠋ᠨ ᠬᠥᠮᠦᠰ ᠨᠢ ᠯᠢᠦ  ᠹᠦ ᠲᠦᠩ ᠦ᠋ᠨ ᠢᠷᠡᠭᠰᠡᠨ ᠊ᠢ ᠰᠣᠨᠣᠰᠤᠭᠠᠳ ᠬᠦᠷᠦᠯᠴᠡᠨ ᠢᠷᠡᠵᠡᠭᠡᠵᠦ ᠪᠠᠢ ᠯᠦ᠍ ᠵᠤᠸᠠᠩ ᠲᠣᠰᠬᠣᠨ ᠤ᠋ ᠴᠢᠭᠤᠯᠭᠠᠨ ᠤ᠋ ᠪᠠᠶ᠋ᠢᠲᠠᠯ ᠊ᠢ ᠠᠰᠠᠭᠤᠭᠰᠠᠨ ᠳ᠋ᠤ᠌ ᠯᠢᠦ ᠹᠦ ᠲᠦᠩ ᠥᠭᠦᠯᠡᠷᠦᠨ ᠄ 《 ᠠᠯᠪᠠᠨ ᠴᠡᠷᠢᠭ ᠦ᠋ᠨ ᠭᠡᠨᠡᠳᠲᠡ ᠶ᠋ᠢᠨ ᠳᠠᠭᠠᠷᠢᠯᠲᠠ ᠳ᠋ᠤ᠌ ᠤᠴᠠᠷᠠᠵᠤ ᠮᠢᠩ ᠸᠠᠩ ᠪᠠᠷᠢᠭᠳᠠᠪᠠ ᠃ ᠠᠷᠪᠠᠨ ᠲᠠᠪᠤᠨ ᠤ᠋ ᠡᠳᠦᠷ ᠪᠣᠰᠤᠯᠭ᠎ᠠ ᠭᠠᠷᠭᠠᠬᠤ ᠲᠥᠯᠥᠪᠯᠡᠭᠡ  ᠯᠡᠪᠡᠷᠡᠭᠰᠡᠨ ᠲᠤᠯᠠ ᠦᠳᠲᠡᠷ ᠭᠠᠷ ᠬᠥᠳᠡᠯᠬᠦ  ᠬᠡᠷᠡᠭᠲᠡᠢ 》  ᠬᠡᠮᠡᠭᠰᠡᠨ ᠳ᠋ᠦ᠍ ᠣᠯᠠᠨ ᠢ᠋ᠶ᠋ᠠᠷ ᠢ᠋ᠶ᠋ᠠᠨ 《 ᠮᠢᠩ ᠸᠠᠩ ᠳ᠋ᠤ᠌ ᠥᠰᠢᠶ᠎ᠡ ᠠᠪᠴᠤ ᠥᠭᠰᠦᠭᠡᠢ ! ᠬᠡᠳᠦᠢ ᠡᠷᠲᠡ ᠭᠠᠷ ᠬᠥᠳᠡᠯᠪᠡᠯ ᠲᠡᠳᠦᠢ ᠰᠠᠢᠨ ! 》 ᠬᠡᠮᠡᠯᠳᠦᠪᠡ ᠃  
     ᠯᠢᠦ ᠹᠦ ᠲᠦᠩ ᠰᠡᠳᠬᠢᠷᠦᠨ ᠄ 《 ᠤᠷᠪᠠᠯᠭ᠎ᠠ ᠭᠠᠷᠭᠠᠬᠤ ᠠᠨᠤ ᠲᠣᠯᠣᠭᠠᠢ ᠪᠠᠷ ᠢ᠋ᠶ᠋ᠠᠨ ᠨᠠᠭᠠᠳᠴᠤ ᠪᠠᠶ᠋ᠢᠬᠤ  ᠶᠠᠪᠤᠳᠠᠯ ᠪᠣᠯᠠᠢ ᠂ ᠡᠷᠬᠡᠪᠰᠢ ᠣᠯᠠᠭᠤᠯᠠ ᠰᠡᠳᠬᠢᠯ ᠨᠢᠭᠡᠳᠴᠦ ᠨᠠᠷᠢᠨ ᠢ᠋ᠶ᠋ᠠᠷ ᠲᠥᠯᠥᠪᠯᠡᠬᠦ ᠴᠢᠬᠤᠯᠠ ᠲᠠᠢ 》 ᠬᠡᠮᠡᠭᠡᠳ ᠣᠶ᠋ᠢᠷ᠎ᠠ ᠵᠡᠷᠭᠡᠯᠡᠳᠡᠭᠡ ᠠᠶ᠋ᠢᠯ ᠲᠣᠰᠬᠣᠨ ᠤ᠋ ᠡᠷᠡᠴᠦᠳ ᠯᠤᠭᠡ ᠥᠷᠭᠡᠨ ᠢ᠋ᠶ᠋ᠡᠷ ᠬᠣᠯᠪᠣᠭ᠎ᠠ ᠠᠪᠴᠤ ᠳᠦ  ᠼᠦᠨ ᠳ᠋ᠣᠣ ᠂ ᠯᠦᠸᠧ ᠸᠸᠨ ᠰᠦ᠍ ᠂ ᠱᠸᠩ ᠸᠧᠨ ᠢᠦᠢ ᠨᠠᠷ ᠲᠠᠢ  ᠪᠣᠳᠠᠲᠠᠢ ᠤᠷᠪᠠᠯᠭ᠎ᠠ ᠭᠠᠷᠭᠠᠬᠤ ᠠᠷᠭ᠎ᠠ ᠲᠥᠯᠥᠪᠯᠡᠭᠡ ᠶ᠋ᠢ ᠰᠤᠳᠤᠯᠤᠨ ᠲᠠᠪᠤᠨ ᠰᠠᠷ᠎ᠠ ᠶ᠋ᠢᠨ ᠭᠤᠷᠪᠠᠨ ᠤ᠋ ᠡᠳᠦᠷ ᠭᠠᠷ ᠬᠥᠳᠡᠯᠬᠦ ᠪᠡᠷ ᠪᠣᠯᠵᠣᠪᠠ  ᠃ 
     ᠲᠡᠨᠳᠡᠴᠡ ᠲᠠᠪᠤᠨ ᠰᠠᠷ᠎ᠠ ᠶ᠋ᠢᠨ ᠭᠤᠷᠪᠠᠨ ᠤ᠋ ᠥᠷᠯᠥᠭᠡ ᠯᠢᠦ ᠹᠦ ᠲᠦᠩ ᠨᠠᠷ ᠤᠷᠢᠳᠤ ᠶ᠋ᠢᠨ ᠪᠣᠯᠵᠣᠭᠰᠠᠨ  ᠶᠣᠰᠣᠭᠠᠷ ᠲᠣᠯᠣᠭᠠᠢ ᠪᠠᠨ ᠤᠯᠠᠭᠠᠨ ᠠᠯᠴᠢᠭᠤᠷ ᠢ᠋ᠶ᠋ᠠᠷ ᠣᠷᠢᠶᠠᠵᠤ ᠯᠢᠦ  ᠭᠧᠦ ᠼᠦᠨ ᠲᠣᠰᠬᠣᠨ ᠤ᠋ ᠪᠠᠷᠠᠭᠤᠨ ᠪᠡᠶ᠎ᠡ ᠳ᠋ᠦ᠍ ᠴᠤᠭᠯᠠᠷᠠᠪᠠ ᠃ ᠯᠢᠦ ᠹᠦ ᠲᠦᠩ ᠢ᠋ᠶ᠋ᠡᠷ ᠪᠠᠢ ᠯᠦ᠍  ᠵᠤᠸᠠᠩ ᠲᠣᠰᠬᠣᠨ ᠳ᠋ᠤ᠌ ᠪᠣᠯᠤᠭᠰᠠᠨ ᠴᠢᠭᠤᠯᠭᠠᠨ ᠤ᠋ ᠰᠤᠷᠭᠠᠮᠵᠢ ᠶ᠋ᠢ ᠠᠪᠴᠤ ᠣᠷᠴᠢᠨ ᠲᠣᠭᠣᠷᠢᠨ ᠠᠷᠪᠠᠭᠠᠳ ᠭᠠᠵᠠᠷ ᠤ᠋ᠨ ᠭᠠᠳᠠᠨ᠎ᠠ ᠬᠠᠷᠠᠭᠤᠯ ᠮᠠᠨᠠᠭ᠎ᠠ ᠲᠠᠯᠪᠢᠵᠤ ᠮᠡᠳᠡᠭᠡ ᠴᠢᠮᠡᠭᠡ ᠰᠤᠷᠠᠭᠯᠠᠭᠤᠯᠪᠠ ᠃
      ᠡᠨᠡ ᠬᠤᠭᠤᠴᠠᠭᠠᠨ ᠤ᠋ ᠪᠣᠰᠤᠯᠭ᠎ᠠ ᠨᠢ ᠨᠠᠷᠢᠨ ᠲᠥᠯᠥᠪᠯᠡᠵᠦ ᠨᠢᠭᠲᠠ ᠪᠣᠳᠣᠯᠬᠢᠯᠠᠭᠰᠠᠨ ᠤ᠋ ᠤᠯᠠᠮ ᠢ᠋ᠶ᠋ᠠᠷ ᠮᠠᠰᠢ ᠠᠮᠵᠢᠯᠲᠠ ᠲᠠᠢ ᠶᠠᠪᠤᠭᠳᠠᠪᠠ ᠃ ᠠᠯᠪᠠᠨ ᠤ᠋ ᠴᠡᠷᠢᠭ ᠴᠢᠮᠡᠭᠡ ᠣᠯᠤᠭᠠᠳ ᠯᠢᠦ  ᠭᠧᠦ ᠼᠦᠨ ᠲᠣᠰᠬᠣᠨ ᠳ᠋ᠤ᠌ ᠳᠠᠷᠤᠨ ᠢᠷᠡᠭᠰᠡᠨ ᠳ᠋ᠤ᠌ ᠯᠢᠦ ᠹᠦ ᠲᠦᠩ ᠪᠣᠰᠤᠯᠭ᠎ᠠ ᠶ᠋ᠢᠨ ᠡᠷᠡᠴᠦᠳ ᠊ᠢ ᠬᠣᠶᠠᠷ ᠵᠠᠮ ᠬᠤᠪᠢᠶᠠᠨ ᠨᠢᠭᠡ ᠲᠠᠯ᠎ᠠ ᠪᠠᠷ ᠠᠯᠪᠠᠨ ᠴᠡᠷᠢᠭ ᠊ᠢ ᠲᠣᠰᠣᠨ ᠲᠤᠯᠤᠯᠳᠤᠵᠤ ᠨᠥᠭᠥᠭᠡ ᠲᠠᠯ᠎ᠠ ᠪᠠᠷ ᠶᠢᠩᠵᠧᠦ ᠬᠣᠲᠠ ᠶ᠋ᠢ ᠪᠦᠰᠡᠯᠡᠨ ᠪᠠᠶ᠋ᠢᠯᠲᠤᠪᠠ ᠃ ᠶᠢᠩᠵᠧᠦ ᠬᠣᠲᠠ ᠴᠡᠷᠢᠭ ᠦ᠋ᠨ ᠰᠡᠷᠭᠡᠶ᠋ᠢᠯᠡᠯᠲᠡ ᠬᠣᠭᠣᠰᠣᠨ ᠪᠣᠯᠤᠭᠰᠠᠨ ᠲᠤᠯᠠ ᠯᠢᠦ ᠹᠦ ᠲᠦᠩ ᠠᠮᠠᠷᠬᠠᠨ ᠢ᠋ᠶ᠋ᠠᠷ ᠡᠵᠡᠯᠡᠨ ᠠᠪᠴᠠᠢ ᠃ 
     ᠵᠠᠯᠭᠠᠭᠠᠳ ᠯᠢᠦ ᠹᠦ ᠲᠦᠩ ᠪᠣᠰᠤᠯᠭ᠎ᠠ ᠶ᠋ᠢᠨ ᠣᠯᠠᠨ ᠢ᠋ᠶ᠋ᠠᠨ ᠳᠠᠭᠠᠭᠤᠯᠵᠤ ᠪᠦᠸᠸᠵᠸᠦ ( ᠣᠳᠣ ᠶ᠋ᠢᠨ ᠠᠨᡁᠤᠶ᠋ᠢ ᠵᠢᠨ ᠪᠦᠸᠧ ᠰᠢᠶᠠᠨ ) ᠂ ᠰᠢᠶᠠᠩ ᠴᠧᠩ ( ᠣᠳᠣ ᠶ᠋ᠢᠨ ᠾᠧᠨᠠᠨ ᠤ᠋ ᠱᠸᠨ ᠴᠢᠦ ) ᠂  ᠿᠦ᠍ ᠨᠢᠩ ( ᠣᠳᠣ ᠶ᠋ᠢᠨ ᠾᠧᠨᠠᠨ ᠤ᠋  ᠿᠦ᠍ ᠩᠠᠩ ) ᠵᠡᠷᠭᠡ ᠠᠷᠪᠠᠨ ᠬᠡᠳᠦᠨ ᠰᠢᠶᠠᠨ ᠊ᠢ ᠡᠵᠡᠯᠡᠵᠦ ᠨᠡᠷ᠎ᠡ ᠰᠦᠷ ᠶᠡᠬᠡᠳᠡ ᠮᠠᠨᠳᠤᠪᠠ ᠃ 
    ᠲᠡᠳᠦᠢ ᠳ᠋ᠦ᠍ᠷ ᠰᠢᠤᠶ᠋ᠢᠵᠸᠦ ᠶ᠋ᠢ  ᠡᠵᠡᠯᠡᠨ ᠰᠠᠭᠤᠭᠰᠠᠨ ᠯᠢ ᠡᠯ ᠂ ᠴᠢᠱᠦᠶ᠋ᠢ ᠶ᠋ᠢ ᠡᠵᠡᠯᠡᠨ ᠰᠠᠭᠤᠭᠰᠠᠨ ᠰᠢᠦᠢ ᠱᠸᠦ ᠡᡁᠤᠶ᠋ᠢ ᠪᠠᠰᠠ ᠴᠤᠤᠷᠢᠶᠠᠲᠤᠨ ᠪᠣᠰᠤᠯᠴᠠᠵᠤ ᠭᠱᠠᠨ ᠵᠠᠭᠤᠷ᠎ᠠ ᠳᠡᠯᠡᠬᠡᠢ ᠳ᠋ᠠᠬᠢᠨ ᠶᠡᠬᠡᠳᠡ ᠰᠠᠮᠠᠭᠤᠷᠠᠯ ᠪᠣᠯᠪᠠ ᠃  
     ᠯᠢ ᠡᠯ ᠤᠤᠯ ᠨᠢ ᠫᠢᠵᠸᠦ ( ᠣᠳᠣ ᠶ᠋ᠢᠨ ᠵᠢᠶᠠᠩᠰᠦ ᠮᠣᠵᠢ ᠶ᠋ᠢᠨ ᠰᠦᠢ ᠨᠢᠩ ᠰᠢᠶᠠᠨ ) ᠤ᠋ ᠬᠥᠮᠦᠨ ᠪᠤᠶᠤ ᠃ ᠴᠢᠨᠡᠭᠡᠯᠢᠭ ᠭᠡᠷ ᠪᠦᠯᠢ ᠳ᠋ᠦ᠍ ᠲᠥᠷᠥᠵᠡᠢ ᠃ ᠨᠢᠭᠡᠨ ᠵᠢᠯ ᠥᠯᠥᠰᠬᠦᠯᠡᠩ ᠭᠠᠴᠢᠭ ᠪᠣᠯᠤᠭᠰᠠᠨ ᠳ᠋ᠤ᠌ ᠲᠡᠷᠡ ᠥᠪᠡᠷ ᠦ᠋ᠨ ᠭᠡᠷ ᠦ᠋ᠨ ᠮᠠᠭᠠᠵᠢ ᠪᠠᠨ ᠭᠠᠷᠭᠠᠵᠤ  ᠭᠠᠴᠢᠭᠳᠠᠭᠰᠠᠳ ᠊ᠢ ᠲᠤᠰᠠᠯᠠᠵᠤ ᠣᠯᠠᠨ ᠬᠥᠮᠦᠨ ᠦ᠌ ᠠᠮᠢ ᠶ᠋ᠢ ᠠᠪᠤᠷᠠᠪᠠ ᠃ ᠡᠶ᠋ᠢᠨ ‍ᠬᠦ ᠲᠡᠭᠦᠨ ᠊ᠢ 《 ᠮᠠᠭᠠᠵᠢ ᠯᠢ 》 ᠭᠡᠮᠡᠨ ᠳᠣᠲᠣᠨᠣᠴᠢᠯᠠᠨ ᠳᠠᠭᠤᠳᠠᠳᠠᠭ ᠠᠵᠤᠭᠤ ᠃ 
     ᠰᠢᠦᠢ ᠱᠸᠦ ᠡᡁᠤᠶ᠋ᠢ ᠶ᠋ᠢᠨ ᠨᠥᠭᠥᠭᠡ ᠨᠡᠷ᠎ᠡ ᠨᠢ ᠰᠢᠦᠢ ᠵᠸᠨ ᠶᠢ ᠬᠡᠮᠡᠮᠦᠢ ᠂ ᠴᠢᠵᠸᠦ ᠶ᠋ᠢᠨ ᠯᠦᠸᠧ ᠲᠢᠶᠠᠨ ( ᠣᠳᠣ ᠶ᠋ᠢᠨ ᠬᠤᠪᠧᠢ ᠶ᠋ᠢᠨ  ᠰᠢᠱᠦᠶ᠋ᠢ ) ᠶ᠋ᠢᠨ ᠬᠥᠮᠦᠨ ᠪᠥᠯᠥᠭᠡ ᠃ ᠪᠥᠰ ᠦ᠋ᠨ ᠬᠤᠳᠠᠯᠳᠤᠭᠠᠴᠢᠨ ᠪᠠᠶ᠋ᠢᠪᠠ ᠃ ᠠᠰᠪᠤᠷ ᠰᠢᠯᠤᠭᠤᠨ ᠂ ᠬᠥᠮᠦᠨ ᠦ᠌ ᠬᠦᠴᠢᠷ ᠵᠣᠪᠠᠭᠤᠷᠢ ᠶ᠋ᠢ ᠦᠵᠡᠵᠦ ᠴᠢᠳᠠᠬᠤ ᠦᠭᠡᠢ ᠂ ᠵᠣᠷᠢᠭᠲᠠᠢ ᠪᠠᠷ ᠲᠡᠳᠬᠦᠵᠦ ᠲᠤᠰᠠᠯᠠᠳᠠᠭ ᠃ ᠯᠢ ᠡᠯ ᠂ ᠰᠢᠦᠢ ᠱᠸᠦ ᠡᡁᠤᠶ᠋ᠢ ᠶ᠋ᠢᠨ ᠤᠳᠤᠷᠢᠳᠤᠭᠰᠠᠨ ᠪᠣᠰᠤᠯᠭ᠎ᠠ ᠶ᠋ᠢᠨ ᠡᠷᠡᠴᠦᠳ ᠪᠦᠷ ᠤᠯᠠᠭᠠᠨ ᠠᠯᠴᠢᠭᠤᠷ ᠢ᠋ᠶ᠋ᠠᠷ ᠲᠣᠯᠣᠭᠠᠢ ᠪᠠᠨ ᠣᠷᠢᠶᠠᠳᠠᠭ ᠤ᠋ᠨ ᠤᠴᠢᠷ 《 ᠡᠮᠦᠨᠡᠲᠦ ᠶ᠋ᠢᠨ ᠤᠯᠠᠭᠠᠨ ᠠᠯᠴᠢᠭᠤᠷᠲᠠᠨ ᠴᠡᠷᠢᠭ 》 ᠭᠡᠳᠡᠭ᠃
    ᠬᠠᠨ ᠱᠠᠨ ᠲᠦᠩ ᠂ ᠯᠢᠦ ᠹᠦ ᠲᠦᠩ ᠦ᠋ᠨ ᠤᠳᠤᠷᠢᠳᠤᠭᠰᠠᠨ ᠪᠠᠢ ᠯᠦ᠍ ᠵᠤᠸᠠᠩ ᠲᠣᠰᠬᠣᠨ ᠤ᠋ ᠪᠣᠰᠤᠯᠭ᠎ᠠ ᠨᠢ ᠶᠤᠸᠠᠨ ᠤ᠋ ᠬᠠᠭᠠᠨᠲᠤ ᠲᠥᠷᠥ ᠶ᠋ᠢᠨ ᠰᠠᠭᠤᠷᠢ ᠶ᠋ᠢ ᠳᠣᠩᠰᠣᠯᠭᠠᠵᠤ ᠲᠣᠬᠣᠨᠲᠠᠮᠤᠷ ᠬᠠᠭᠠᠨ ᠊ᠢ ᠰᠣᠴᠢᠭᠠᠪᠠᠢ ᠃ ᠲᠡᠷᠡ ᠨᠢᠭᠡᠨ ᠡᠳᠦᠷ ᠲᠣᠭᠲᠣᠬ᠋᠎ᠠ ᠴᠢᠩᠰᠠᠩ ᠊ᠢ ᠳᠠᠭᠤᠳᠠᠨ ᠪᠠᠶ᠋ᠢᠲᠠᠯ ᠊ᠢ ᠠᠰᠠᠭᠤᠪᠠᠰᠤ ᠲᠡᠷᠡ ᠄ 《 ᠵᠦᠩᠶᠤᠸᠠᠨ ᠪᠣᠯᠪᠠᠰᠤ ᠪᠦᠬᠦ ᠤᠯᠤᠰ ᠤ᠋ᠨ ᠭᠣᠯᠣᠮᠲᠠ ᠣᠷᠣᠨ ᠪᠣᠯᠠᠢ ᠃ ᠡᠳᠦᠭᠡ ᠤᠯᠠᠭᠠᠨ ᠠᠯᠴᠢᠭᠤᠷᠲᠠᠨ ᠬᠤᠯᠠᠭᠠᠢ ᠂ ᠭᠣᠯᠣᠮᠲᠠ ᠣᠷᠣᠨ ᠊ᠢ ᠰᠠᠮᠠᠭᠤᠷᠠᠭᠤᠯᠤᠭᠰᠠᠨ ᠲᠤᠯᠠᠳᠠ ᠡᠷᠬᠡᠪᠰᠢ ᠶᠡᠬᠡ ᠴᠡᠷᠢᠭ ᠢ᠋ᠶ᠋ᠡᠷ ᠳᠠᠷᠤᠵᠤ ᠤᠷᠢᠳᠠ ᠪᠠᠷ ᠬᠤᠯᠠᠭᠠᠢ ᠶ᠋ᠢ ᠤᠰᠠᠳᠬᠠᠨ ᠵᠣᠪᠠᠯᠠᠩ ᠤ᠋ᠨ ᠦᠨᠳᠦᠰᠦ ᠶ᠋ᠢ ᠠᠷᠢᠯᠭᠠᠬᠤ  ᠬᠡᠷᠡᠭᠲᠡᠢ 》 ᠬᠡᠮᠡᠪᠡ ᠃  
     ᠲᠣᠬᠣᠨᠲᠠᠮᠤᠷ ᠬᠠᠭᠠᠨ ᠥᠭᠦᠯᠡᠷᠦᠨ ᠄ 《 ᠡᠳᠦᠭᠡ ᠣᠯᠠᠨ ᠭᠠᠵᠠᠷ ᠠ᠋ᠴᠠ ᠪᠠᠴᠢᠮ ᠮᠡᠳᠡᠭᠡ ᠢᠷᠡᠭᠦᠯᠵᠦ ᠪᠣᠢ ᠃ ᠵᠥᠪᠬᠡᠨ ᠵᠦᠩᠶᠤᠸᠠᠨ ᠣᠷᠣᠨ ᠲᠡᠳᠦᠢ ᠪᠤᠰᠤ ᠪᠣᠯᠠᠢ 》 ᠬᠡᠮᠡᠬᠦ ᠳ᠋ᠦ᠍ᠷ ᠲᠣᠭᠲᠣᠬ᠋᠎ᠠ ᠥᠭᠦᠯᠡᠷᠦᠨ ᠄ 《 ᠡᠯ᠎ᠡ ᠭᠠᠵᠠᠷ ᠲᠤ᠌ ᠪᠦᠷ ᠳᠠᠷᠤᠩᠭᠤᠢ ᠴᠡᠷᠢᠭ ᠰᠠᠭᠤᠵᠤ ᠪᠠᠶ᠋ᠢᠬ᠋᠎ᠠ ᠤᠴᠢᠷ ᠡᠵᠡᠨ ᠢ᠋ᠶ᠋ᠡᠷ ᠲᠡᠳᠡᠨ ᠳ᠋ᠦ᠍ ᠵᠠᠷᠯᠢᠭ ᠪᠠᠭᠤᠯᠭᠠᠵᠤ ᠬᠤᠯᠠᠭᠠᠢ ᠶ᠋ᠢ ᠤᠰᠠᠳᠬᠠᠬᠤ ᠨᠢ ᠵᠦᠢ ᠃ ᠵᠦᠩᠶᠤᠸᠠᠨ ᠣᠷᠣᠨ  ᠊ᠢ ᠲᠦᠪᠰᠢᠳᠬᠡᠪᠡᠰᠦ ᠪᠤᠰᠤᠳ ᠭᠠᠵᠠᠷ ᠤ᠋ᠨ ᠬᠤᠯᠠᠭᠠᠢ ᠳᠡᠭᠡᠷᠡᠮ ᠠᠶᠠᠨᠳᠠᠭᠠᠨ ᠳᠠᠷᠤᠭᠳᠠᠮᠤᠢ 》 ᠬᠡᠮᠡᠪᠡ ᠃ 
     ᠲᠣᠬᠣᠨᠲᠠᠮᠤᠷ ᠬᠠᠭᠠᠨ ᠥᠭᠦᠯᠡᠷᠦᠨ ᠄ 《 ᠵᠦᠩᠶᠤᠸᠠᠨ ᠣᠷᠣᠨ ᠤ᠋ ᠬᠤᠯᠠᠭᠠᠢ ᠶ᠋ᠢ ᠳᠠᠷᠤᠬᠤ ᠳ᠋ᠤ᠌ ᠬᠡᠨ ᠊ᠢ ᠮᠠᠩᠯᠠᠶ᠋ᠢᠯᠠᠭᠤᠯᠪᠠᠰᠦ ᠵᠣᠬᠢᠮᠤᠢ ? 
     ᠲᠣᠭᠲᠣᠬ᠋᠎ᠠ ᠥᠴᠢᠷᠦᠨ ᠄ 《 ᠮᠠᠩᠯᠠᠢ ᠵᠠᠩᠵᠤᠨ ᠊ᠢ ᠰᠢᠯᠢᠵᠦ ᠲᠣᠮᠢᠯᠠᠬᠤ ᠠᠨᠤ ᠡᠵᠡᠨ ᠦ᠌ ᠰᠠᠨᠠᠭ᠎ᠠ ᠪᠣᠯᠠᠢ ᠂ ᠰᠠᠶ᠋ᠢᠳ ᠪᠢ ᠶᠠᠭᠠᠬᠢᠨ ᠠᠶᠤᠮᠰᠢᠭ ᠦᠭᠡᠢ ᠥᠭᠦᠯᠡᠮᠦᠢ ? 》
     ᠲᠣᠬᠣᠨᠲᠠᠮᠤᠷ ᠬᠠᠭᠠᠨ ᠥᠭᠦᠯᠡᠷᠦᠨ ᠄ 《 ᠪᠢ ᠰᠣᠨᠣᠰᠪᠠᠰᠤ ᠴᠢᠨᠦ ᠳᠡᠭᠦᠦ ᠡᠰᠡᠨᠲᠠᠮᠤᠷ ᠠᠷᠭ᠎ᠠ ᠪᠣᠳᠣᠯᠭ᠎ᠠ ᠲᠠᠢ ᠬᠡᠮᠡᠮᠦᠢ ᠃ ᠲᠡᠭᠦᠨ ᠊ᠢ  ᠶᠠᠭᠤᠨ ᠳ᠋ᠤ᠌ ᠦᠯᠦ ᠲᠣᠯᠢᠯᠠᠮᠤᠢ ? 
     ᠲᠣᠭᠲᠤᠬ᠋᠎ᠠ ᠠᠶ᠋ᠢᠯᠠᠤᠠᠬᠠᠷᠤᠨ ᠄ 《 ᠡᠵᠡᠨ ᠢ᠋ᠶ᠋ᠡᠷ ᠡᠰᠡᠨᠲᠡᠮᠦᠷ ᠊ᠢ ᠲᠣᠮᠢᠯᠠᠬᠤ ᠶ᠋ᠢ ᠰᠠᠶ᠋ᠢᠳ ᠪᠢ ᠶᠠᠭᠠᠬᠢᠨ ᠵᠥᠷᠢᠴᠡᠨᠡᠮ ? ᠬᠦᠰᠡᠬᠦ ᠢᠨᠦ ᠲᠡᠭᠦᠨ ᠳ᠋ᠦ᠍ᠷ ᠨᠢᠭᠡᠨ ᠮᠥᠷᠥ ᠶ᠋ᠢᠨ ᠲᠤᠰᠠᠯᠠᠮᠵᠢ ᠥᠭᠪᠡᠰᠦ ᠰᠠᠢᠨ ᠪᠣᠯᠠᠢ ᠃  
     ᠲᠣᠬᠤᠨᠲᠡᠮᠦᠷ ᠬᠠᠭᠠᠨ ᠵᠠᠷᠯᠢᠭ ᠪᠣᠯᠤᠷᠤᠨ ᠄ 《 ᠲᠡᠭᠡᠪᠡᠯ ᠸᠧᠢ ᠸᠠᠩ ᠭᠣᠨᠴᠣᠭ ᠊ᠢ ᠬᠠᠮᠲᠤ ᠢᠯᠡᠭᠡᠰᠦᠭᠡᠢ 》 ᠬᠡᠮᠡᠪᠡ ᠃ 
     ᠡᠵᠡᠨ ᠲᠦᠰᠢᠮᠡᠯ ᠬᠠᠮᠲᠤᠳᠠ ᠵᠥᠪᠳᠡᠨ ᠲᠣᠭᠲᠠᠭᠠᠵᠤ ᠢᠦᠢ᠍ᠢ᠍ᠱ‍ᠢ ᠳ᠋ᠠᠶ᠋ᠢᠹᠥ᠋ ᠲᠦᠰᠢᠮᠡᠯ ᠡᠰᠡᠨᠲᠡᠮᠦᠷ ᠂ ᠸᠧᠢ ᠸᠠᠩ ᠭᠣᠨᠴᠣᠭ ᠬᠣᠶᠠᠷ ᠢ᠋ᠶ᠋ᠠᠷ ᠠᠷᠪᠠᠨ ᠲᠦᠮᠡᠨ ᠴᠡᠷᠢᠭ ᠊ᠢ ᠵᠠᠬᠢᠷᠤᠭᠤᠯᠤᠨ ᠾᠧᠨᠠᠨ ᠤ᠋ ᠬᠤᠯᠠᠭᠠᠢ ᠶ᠋ᠢ ᠠᠷᠢᠯᠭᠠᠬᠤ ᠪᠠᠷ ᠮᠣᠷᠳᠠᠭᠤᠯᠪᠠ ᠃ 
     ᠲᠡᠨᠳᠡᠴᠡ ᠡᠰᠡᠨᠲᠡᠮᠦᠷ ᠵᠠᠷᠯᠢᠭ ᠊ᠢ ᠬᠦᠯᠢᠶᠡᠵᠦ ᠭᠣᠨᠴᠣᠭ ᠤ᠋ᠨ ᠬᠠᠮᠲᠤ ᠵᠠᠩᠵᠤᠨ ᠴᠡᠷᠢᠭ ᠠᠷᠪᠠᠨ ᠲᠦᠮᠡ ᠶ᠋ᠢ ᠳᠠᠶ᠋ᠢᠴᠢᠯᠠᠨ ᠾᠧᠨᠠᠨ ᠤ᠋ ᠱᠠᠩ ᠴᠠ ( ᠣᠳᠣ ᠶ᠋ᠢᠨ ᠾᠧᠨᠠᠨ ᠤ᠋ ᠱᠠᠩ ᠴᠠ ᠰᠢᠶᠠᠨ ᠤ᠋ ᠪᠠᠷᠠᠭᠤᠨ ᠡᠮᠦᠨ᠎ᠡ ) ᠳ᠋ᠦ᠍ ᠬᠦᠷᠪᠡᠰᠦ ᠪᠣᠰᠤᠯᠭ᠎ᠠ ᠶ᠋ᠢᠨ  ᠴᠡᠷᠢᠭ ᠦ᠋ᠨ ᠲᠦᠷᠦᠭᠦᠦ ᠬᠠᠨ ᠶᠣᠣ ᠡᠯ ᠠᠶᠤᠭᠠᠳ ᠱᠠᠩ ᠴᠠ ᠬᠣᠲᠠ ᠳ᠋ᠤ᠌ ᠰᠢᠷᠭᠤᠭᠠᠳ ᠬᠥᠳᠡᠯᠬᠦ ᠦᠭᠡᠢ ᠪᠠᠶ᠋ᠢᠪᠠ ᠃ ᠬᠠᠭᠠᠨ ᠤ᠋  ᠴᠡᠷᠢᠭ ᠳᠠᠶ᠋ᠢᠯᠠᠷ᠎ᠠ  ᠢᠷᠡᠭᠰᠡᠨ ᠴᠢᠮᠡᠭᠡ ᠶ᠋ᠢ ᠱᠠᠩ ᠴᠠ ᠬᠣᠲᠠ ᠶ᠋ᠢᠨ ᠠᠷᠠᠳ ᠰᠣᠨᠣᠰᠤᠭᠠᠳ ᠶᠡᠬᠡᠳᠡ ᠠᠶᠤᠨ ᠰᠠᠨᠳᠤᠷᠴᠤ ᠬᠠᠯᠠᠭᠤᠨ ᠲᠣᠭᠣᠭᠠᠨ ᠳᠡᠭᠡᠷᠡᠬᠢ ᠰᠢᠷᠭᠤᠯᠵᠢ ᠮᠡᠲᠦ ᠪᠣᠯᠤᠭᠰᠠᠨ ᠳ᠋ᠤ᠌ ᠬᠠᠨ ᠶᠣᠣ ᠡᠯ ᠬᠣᠲᠠ ᠶ᠋ᠢ ᠰᠠᠬᠢᠵᠤ ᠳᠡᠶ᠋ᠢᠯᠬᠦ ᠦᠭᠡᠢ ᠪᠡᠨ ᠮᠡᠳᠡᠭᠡᠳ ᠰᠥᠨᠢ ᠪᠡᠷ ᠤᠷᠭᠤᠨ ᠯᠢᠦ ᠹᠦ ᠲᠦᠩ ᠊ᠢ ᠡᠷᠢᠷ᠎ᠡ ᠣᠳᠪᠠ ᠃ 
      ᠲᠡᠳᠦᠢ ᠳ᠋ᠦ᠍ᠷ ᠯᠢᠦ ᠹᠦ ᠲᠦᠩ ᠦ᠋ᠨ ᠪᠣᠰᠤᠯᠭ᠎ᠠ ᠶ᠋ᠢᠨ ᠡᠷᠡᠴᠦᠳ ᠾᠧᠨᠠᠨ ᠤ᠋ ᠿᠦ᠍ ᠨᠢᠩ ᠳ᠋ᠦ᠍ ᠪᠠᠶ᠋ᠢᠪᠠ ᠃ ᠲᠡᠷᠡ ᠪᠡᠷ ᠳᠠᠶ᠋ᠢᠯᠠᠷ᠎ᠠ ᠢᠷᠡᠭᠰᠡᠨ ᠲᠥᠷᠥ ᠶ᠋ᠢᠨ  ᠴᠡᠷᠢᠭ ᠯᠤᠭᠡ ᠠᠰ ᠲᠤᠯᠤᠨ ᠤᠭᠲᠤᠨ ᠪᠠᠶ᠋ᠢᠯᠲᠤᠭᠰᠠᠨ ᠦᠭᠡᠢ ᠂ ᠬᠠᠷᠢᠨ ᠴᠡᠷᠢᠭ ᠦ᠋ᠨ ᠣᠯᠠᠨ ᠢ᠋ᠶ᠋ᠠᠨ ᠬᠡᠳᠦᠨ ᠪᠠᠭ᠎ᠠ ᠠᠩᠭᠢ ᠪᠤᠯᠠᠭᠠᠨ ᠬᠤᠪᠢᠶᠠᠭᠠᠳ ᠲᠣᠭᠣᠷᠢᠨ ᠪᠠᠶ᠋ᠢᠯᠲᠤᠭᠤᠯᠵᠤ ᠿᠦ᠍ ᠨᠢᠩ ᠊ᠢ ᠲᠠᠯᠪᠢᠵᠤ ᠦᠬ᠋ᠴᠠᠢ ᠃  
      ᠡᠰᠡᠨᠲᠡᠮᠦᠷ ᠮᠣᠷᠳᠠᠨ ᠭᠠᠷᠤᠮᠠᠭᠴᠠ ᠮᠤᠨᠳᠠᠭ ᠶᠡᠬᠡ ᠢᠯᠠᠯᠲᠠ ᠣᠯᠵᠤ ᠂ ᠬᠢᠲᠤᠭᠠᠨ ᠢᠷ ᠲᠦ᠍ ᠴᠢᠰᠤ ᠨᠠᠭᠠᠯᠲᠤᠭᠤᠯᠤᠯ ᠦᠭᠡᠢ ᠪᠡᠷ ᠬᠣᠶᠠᠷ ᠬᠣᠭᠣᠰᠣᠨ ᠬᠣᠲᠠ ᠶ᠋ᠢ ᠡᠵᠡᠯᠡᠭᠡᠳ ᠶᠡᠬᠡᠳᠡ ᠣᠮᠣᠭᠰᠢᠪᠠ ᠃ ᠲᠡᠷᠡ ᠨᠢᠭᠡ ᠲᠠᠯ᠎ᠠ ᠪᠠᠷ ᠢᠯᠠᠯᠲᠠ ᠶ᠋ᠢᠨ ᠮᠡᠳᠡᠭᠡ ᠪᠡᠨ ᠳᠡᠭᠡᠭᠰᠢ ᠬᠠᠭᠠᠨ ᠳ᠋ᠤ᠌ ᠠᠶ᠋ᠢᠯᠠᠤᠠᠬᠠᠨ ᠂  ᠬᠡᠰᠢᠭ ᠱᠠᠩ ᠠᠪᠴᠤ ᠨᠥᠭᠥᠭᠡ ᠲᠠᠯ᠎ᠠ ᠪᠠᠷ ᠿᠦ᠍ ᠨᠢᠩ ᠬᠣᠲᠠᠨ᠎ᠠ ᠢᠯᠠᠯᠲᠠ ᠪᠠᠨ ᠪᠡᠯᠭᠡᠯᠡᠬᠦ ᠪᠠᠶᠠᠷ ᠤ᠋ᠨ ᠬᠤᠷᠠᠯ ᠬᠤᠷᠢᠮ ᠲᠠᠯᠪᠢᠵᠤ ᠵᠠᠩᠵᠤᠨ  ᠴᠡᠷᠢᠭ ᠢ᠋ᠶ᠋ᠡᠨ ᠶᠡᠬᠡ ᠪᠡᠷ ᠳᠠᠶ᠋ᠢᠯᠠᠪᠠ ᠃  
      ᠯᠢᠦ ᠹᠦ ᠲᠦᠩ ᠂ ᠿᠦ᠍ ᠨᠢᠩ ᠬᠣᠲᠠ ᠠ᠋ᠴᠠ ᠤᠬᠤᠷᠢᠨ ᠭᠠᠷᠤᠭᠰᠠᠨ ᠤ᠋ ᠬᠣᠶ᠋ᠢᠨ᠎ᠠ ᠰᠢᠤᠶ᠋ᠢᠵᠸᠤ ᠶ᠋ᠢ ᠡᠵᠡᠯᠡᠨ ᠰᠠᠭᠤᠭ᠎ᠠ ᠯᠢ ᠡᠯ ᠪᠣᠯᠤᠨ ᠴᠢᠱᠦᠶ᠋ᠢ ᠶ᠋ᠢ ᠡᠵᠡᠯᠡᠨ ᠰᠠᠭᠤᠭ᠎ᠠ ᠰᠢᠦᠢ ᠱᠸᠤ ᠾᠦᠢ ᠨᠠᠷ ᠲᠤ᠌ ᠴᠢᠮᠡᠭᠡ ᠥᠭᠴᠦ ᠬᠠᠮᠲᠤ ᠪᠠᠷ ᠬᠦᠴᠦᠨ ᠢ᠋ᠶ᠋ᠡᠨ ᠨᠢᠭᠡᠳᠬᠡᠵᠦ ᠶᠤᠸᠠᠨ ᠤ᠋  ᠴᠡᠷᠢᠭ ᠊ᠢ ᠬᠣᠷᠢᠭᠯᠠᠨ ᠪᠠᠶ᠋ᠢᠯᠲᠤᠰᠤᠭᠠᠢ ᠬᠡᠮᠡᠪᠡ ᠃ ᠯᠢ ᠡᠯ ᠂ ᠰᠢᠦᠢ ᠱᠸᠤ ᠾᠦᠢ ᠨᠠᠷ ᠯᠢᠦ  ᠹᠦ ᠲᠦᠩ ᠦ᠋ᠨ ᠤᠷᠢᠶᠠᠯᠠᠭ᠎ᠠ ᠶ᠋ᠢ ᠢᠳᠡᠪᠬᠢᠲᠡᠢ ᠳᠠᠭᠠᠵᠤ ᠂ ᠴᠢᠬᠤᠯᠠ ᠴᠢᠬᠤᠯᠠ ᠭᠠᠵᠠᠷ ᠲᠤ᠌  ᠴᠡᠷᠢᠭ  ᠪᠥᠭᠬᠦᠭᠦᠯᠦᠨ ᠡᠰᠡᠨᠲᠡᠮᠤᠷ ᠤ᠋ᠨ  ᠴᠡᠷᠢᠭ ᠦ᠋ᠨ ᠬᠦᠷᠴᠦ ᠢᠷᠡᠬᠦ ᠶ᠋ᠢ ᠬᠦᠯᠢᠶᠡᠪᠡ ᠃ ᠡᠰᠡᠨᠲᠡᠮᠤᠷ ᠲᠦᠷ ᠵᠠᠭᠤᠷ᠎ᠠ ᠶ᠋ᠢᠨ ᠢᠯᠠᠯᠲᠠ ᠳ᠋ᠤ᠌ ᠪᠠᠨ ᠶᠡᠬᠡᠳᠡ ᠣᠮᠣᠭᠰᠢᠨ ᠰᠢᠤᠶ᠋ᠢᠵᠸᠤ ᠶ᠋ᠢ  ᠴᠢᠭᠯᠡᠨ ᠶᠠᠪᠤᠵᠤ ᠪᠠᠶ᠋ᠢᠲᠠᠯ᠎ᠠ ᠯᠢᠦ ᠹᠦ ᠲᠦᠩ ᠨᠠᠷ ᠤ᠋ᠨ ᠤᠳᠤᠷᠢᠳᠤᠭᠰᠠᠨ ᠪᠣᠰᠤᠯᠭ᠎ᠠ ᠶ᠋ᠢᠨ  ᠴᠡᠷᠢᠭ ᠵᠦᠭ ᠵᠦᠭ ᠡᠴᠡ ᠭᠡᠨᠡᠳᠡᠭᠦᠯᠦᠨ ᠳᠠᠭᠠᠷᠢᠵᠤ  ᠬᠡᠰᠡᠭᠯᠡᠨ ᠰᠠᠯᠭᠠᠵᠤ ᠪᠦᠰᠡᠯᠡᠨ ᠤᠰᠠᠳᠬᠠᠪᠠ ᠃ ᠡᠰᠡᠨᠲᠡᠮᠤᠷ ᠭᠱᠠᠨ᠎ᠠ ᠵᠠᠭᠤᠷ᠎ᠠ ᠬᠥᠳᠡᠯᠦᠩᠭᠦᠢ ᠪᠤᠰᠤ ᠪᠠᠶ᠋ᠢᠲᠠᠯ ᠳ᠋ᠤ᠌ ᠣᠷᠣᠵᠤ ᠬᠤᠳᠳᠤᠭ ᠲᠤ᠌ ᠤᠨᠠᠭᠰᠠᠨ ᠪᠤᠬ᠎ᠠ ᠰᠢᠬ ᠬᠦᠴᠦ ᠪᠠᠶ᠋ᠢᠭᠠᠳ  ᠬᠡᠷᠡᠭᠯᠡᠵᠦ ᠴᠢᠳᠠᠬᠤ ᠦᠭᠡᠢ ᠪᠣᠯᠤᠭᠰᠠᠨ᠎ᠠ ᠶᠡᠬᠡᠳᠡ ᠳᠠᠷᠤᠭᠳᠠᠵᠤ ᠪᠤᠷᠤᠭᠤᠯᠠᠨ ᠳᠤᠲᠠᠭᠠᠪᠠ ᠃ ᠪᠣᠰᠤᠯᠭ᠎ᠠ ᠶ᠋ᠢᠨ  ᠴᠡᠷᠢᠭ ᠪᠠᠶ᠋ᠢᠯᠲᠤᠬᠤ ᠲᠤᠲᠤᠮ ᠡᠷᠴᠢᠲᠡᠢ ᠪᠣᠯᠵᠤ ᠂ ᠬᠥᠬᠡ ᠮᠥᠷᠡᠨ ᠦ᠌ ᠤᠮᠠᠷ᠎ᠠ ᠡᠮᠦᠨᠡᠬᠢ ᠶ᠋ᠢᠨ ᠠᠷᠪᠠᠨ ᠬᠡᠳᠦᠨ ᠵᠧᠦ ᠰᠢᠶᠠᠨ ᠊ᠢ ᠡᠵᠡᠯᠡᠪᠡ ᠃ ᠰᠢᠦᠢ ᠱᠸᠤ ᠾᠦᠢ ᠥᠪᠡᠷ ᠦ᠋ᠨ ᠪᠡᠶ᠎ᠡ ᠶ᠋ᠢ ᠬᠠᠭᠠᠨ ᠡᠷᠭᠦᠮᠵᠢᠯᠡᠵᠦ ᠂ ᠲᠢᠶᠠᠨ ᠸᠠᠨ ᠭᠦᠸᠧ ( 天完国— ᠲᠠᠶ᠋ᠢᠶᠤᠸᠠᠨ ᠤ᠋ 《 大 》 ᠦᠰᠦᠭ ᠦ᠋ᠨ ᠲᠣᠯᠣᠭᠠᠢ ᠳᠡᠭᠡᠷ᠎ᠡ 《 一》 ᠨᠡᠮᠡᠵᠦ ᠂ 《 元 》 ᠦᠰᠦᠭ ᠦ᠋ᠨ ᠲᠣᠯᠣᠭᠠᠢ ᠳᠡᠭᠡᠷ᠎ᠡ 《 宀》 ᠪᠢᠴᠢᠯᠭᠡ ᠲᠠᠯᠪᠢᠵᠤ 《 天完 》 ᠬᠡᠮᠡᠪᠡ ) ᠤᠯᠤᠰ ᠪᠠᠶ᠋ᠢᠭᠤᠯᠤᠨ ᠽᠧᠦ  ᠫᠦ ᠱᠸᠩ ᠊ᠢ ᠲᠠᠶ᠋ᠢᠱᠢ ᠡᠷᠭᠦᠮᠵᠢᠯᠡᠨ ᠵᠢᠶᠠᠩᠰᠢ ᠪᠠᠷ ᠭᠠᠷᠴᠤ ᠵᠤᠤᠵᠸᠤ ᠂ ᠰᠢᠨᠵᠸᠤ ᠶ᠋ᠢ ᠡᠵᠡᠯᠡᠨ ᠠᠪᠤᠭᠠᠳ ᠮᠥᠷᠡᠨ ᠊ᠢ  ᠥᠭᠰᠦᠨ ᠪᠠᠶ᠋ᠢᠯᠲᠤᠵᠤ ᠬᠠᠨᠶᠠᠩ ᠂ ᠰᠢᠩᠭᠦᠶ᠋ᠸᠸ ᠂ ᠦᠴᠠᠩ ᠵᠡᠷᠭᠡ ᠬᠣᠲᠠ ᠶ᠋ᠢ ᠡᠪᠳᠡᠪᠡ ᠃ ᠸᠧᠢ ᠱᠦᠨ ᠸᠠᠩ ᠭᠤᠨᠵᠢᠨ ᠪᠤᠬ᠎ᠠ ᠪᠣᠯᠤᠨ ᠬᠤ᠌ ᠭᠤᠸᠠᠩ ᠬᠤᠪᠢᠶᠠᠷᠢ ᠮᠣᠵᠢ ᠶ᠋ᠢᠨ ᠫᠢᠩ ᠵᠠᠩ ᠲᠦᠰᠢᠮᠡᠯ ᠬᠤᠤᠱᠠᠩ ᠬᠣᠲᠠ ᠪᠠᠨ ᠣᠷᠬᠢᠵᠤ ᠳᠤᠲᠠᠭᠠᠪᠠ ᠃ ᠵᠢᠶᠠᠩᠵᠸᠤ ᠶ᠋ᠢᠨ ᠶᠡᠷᠦᠩᠬᠡᠢ ᠵᠠᠬᠢᠷᠤᠭᠴᠢ ᠯᠢ ᠹᠦ ᠪᠠᠶ᠋ᠢᠯᠲᠤᠨ ᠦᠬᠦᠪᠡ ᠃ ᠡᠰᠡᠨᠲᠡᠮᠤᠷ ᠂  ᠤᠯᠠᠭᠠᠨ ᠠᠯᠴᠢᠭᠤᠷᠲᠠᠨ ᠤ᠋ ᠪᠣᠰᠤᠯᠭ᠎ᠠ ᠶ᠋ᠢᠨ  ᠴᠡᠷᠢᠭ ᠦ᠋ᠨ ᠪᠦᠰᠡᠯᠡᠯᠲᠡ ᠶ᠋ᠢ ᠠᠷᠠᠢ ᠴᠢᠮᠠᠢ ᠰᠢᠪᠲᠤᠯᠤᠨ ᠭᠠᠷᠤᠭᠠᠳ ᠠᠷᠪᠠᠭᠠᠳ ᠬᠥᠮᠦᠨ ᠦ᠌ ᠬᠠᠮᠲᠤ ᠵᠣ᠌ ᠰᠢᠶᠠᠨ ᠵᠸᠨ   ᠪᠠᠯᠭᠠᠰᠤᠨ ᠳ᠋ᠤ᠌ ᠤᠬᠤᠷᠢᠨ ᠣᠴᠢᠪᠠ ᠃ 
     ᠲᠡᠨᠳᠡᠴᠡ ᠯᠢᠦ ᠹᠦ ᠲᠦᠩ ᠨᠠᠷ ᠤ᠋ᠨ ᠤᠳᠤᠷᠢᠳᠤᠭᠰᠠᠨ ᠤᠯᠠᠭᠠᠨ ᠠᠯᠴᠢᠭᠤᠷᠲᠠᠨ  ᠪᠣᠰᠤᠯᠭ᠎ᠠ ᠶ᠋ᠢᠨ ᠴᠡᠷᠢᠭ ᠵᠠᠯᠭᠠᠭ᠎ᠠ ᠵᠠᠯᠭᠠᠭ᠎ᠠ ᠪᠠᠷ ᠢᠯᠠᠯᠲᠠ ᠣᠯᠵᠤ ᠵᠦᠩᠶᠦᠸᠠᠨ  ᠣᠷᠣᠨ  ᠳᠦᠭᠰᠢᠭᠦᠷᠢᠲᠦ ᠪᠠᠶ᠋ᠢᠲᠠᠯ ᠳ᠋ᠤ᠌ ᠣᠷᠣᠭᠰᠠᠨ ᠮᠠᠭᠤ ᠴᠢᠮᠡᠭᠡ ᠴᠠᠰᠤᠨ  ᠯᠠᠪᠰᠠ ᠮᠡᠲᠦ ᠨᠡᠶ᠋ᠢᠰᠯᠡᠯ ᠬᠣᠲᠠᠨ᠎ᠠ  ᠳᠠᠮᠵᠢᠭᠳᠠᠨ ᠬᠦᠷᠪᠡ ᠃   ᠲᠣᠬᠤᠨᠲᠡᠮᠦᠷ   ᠬᠠᠭᠠᠨ ᠢ᠋ᠶ᠋ᠠᠷ ᠶᠡᠬᠡᠳᠡ ᠰᠡᠳᠬᠢᠯ ᠵᠣᠪᠠᠵᠤ ᠲᠣᠭᠲᠤᠬ᠋᠎ᠠ ᠴᠢᠩᠰᠠᠩ ᠯᠤᠭ᠎ᠠ ᠵᠥᠪᠳᠡᠪᠡᠰᠦ ᠲᠣᠭᠲᠤᠬ᠋᠎ᠠ ᠪᠡᠶ᠎ᠡ ᠪᠡᠷ ᠴᠡᠷᠢᠭ ᠳᠠᠶ᠋ᠢᠴᠢᠯᠠᠨ ᠵᠦᠩᠶᠤᠸᠠᠨ ᠊ᠢ ᠲᠦᠪᠰᠢᠳᠬᠡᠷ᠎ᠡ ᠮᠣᠷᠳᠠᠬᠤ ᠪᠠᠷ ᠭᠤᠶᠤᠴᠢᠯᠠᠪᠠ ᠃ 
      ᠲᠣᠬᠤᠨᠲᠡᠮᠦᠷ ᠬᠠᠭᠠᠨ ᠵᠥᠪᠰᠢᠶᠡᠷᠡᠵᠦ ᠡᠰᠡᠨᠲᠡᠮᠦᠷ ᠦ᠋ᠨ ᠴᠡᠷᠢᠭ ᠵᠠᠬᠢᠷᠬᠤ ᠡᠷᠬᠡ ᠶ᠋ᠢ ᠬᠠᠰᠤᠵᠤ ᠲᠣᠭᠲᠤᠬ᠋᠎ᠠ ᠴᠢᠩᠰᠠᠩ ᠳ᠋ᠤ᠌ ᠬᠣᠶᠠᠷ ᠲᠦᠮᠡᠨ  ᠰᠢᠯᠢᠳᠡᠭ ᠴᠡᠷᠢᠭ ᠵᠠᠬᠢᠷᠤᠭᠤᠯᠤᠨ ᠰᠢᠭᠤᠳ ᠰᠢᠦᠶ᠋ᠢᠵᠸᠦ ᠶ᠋ᠢ ᠪᠠᠶ᠋ᠢᠯᠲᠤᠷ᠎ᠠ ᠢᠯᠡᠭᠡᠪᠡ ᠃  
     ᠲᠣᠭᠲᠤᠬ᠋᠎ᠠ ᠂ ᠴᠡᠷᠢᠭ ᠮᠣᠷᠳᠠᠬᠤ ᠠ᠋ᠴᠠ ᠡᠮᠦᠨ᠎ᠡ ᠲᠣᠬᠤᠨᠲᠡᠮᠦᠷ ᠬᠠᠭᠠᠨ ᠳ᠋ᠤ᠌ ᠠᠾᠠᠮᠠ ᠠᠬ᠎ᠠ ᠳᠡᠭᠦᠦ ᠬᠣᠶᠠᠷ ᠊ᠢ ᠡᠷᠭᠦᠨ ᠪᠠᠲᠤᠯᠠᠵᠤ ᠨᠡᠶ᠋ᠢᠰᠯᠡᠯ ᠬᠣᠲᠠᠨ᠎ᠠ ᠳᠠᠭᠤᠳᠠᠨ ᠠᠪᠴᠢᠷᠠᠭᠠᠳ ᠲᠥᠪ  ᠪᠢᠴᠢᠭ᠌ ᠦ᠋ᠨ ᠮᠣᠵᠢ ᠶ᠋ᠢᠨ  ᠬᠡᠷᠡᠭ ᠊ᠢ ᠬᠠᠷᠢᠭᠤᠴᠠᠭᠤᠯᠬᠤ ᠪᠠᠷ ᠠᠶ᠋ᠢᠯᠠᠤᠠᠬᠠᠪᠠ ᠃ ᠲᠣᠬᠤᠨᠲᠡᠮᠦᠷ ᠬᠠᠭᠠᠨ ᠢ᠋ᠶ᠋ᠠᠷ ᠲᠣᠭᠲᠤᠬ᠋᠎ᠠ ᠶ᠋ᠢᠨ ᠡᠷᠭᠦᠨ ᠪᠠᠲᠤᠯᠠᠭᠰᠠᠨ ᠠᠶ᠋ᠢᠯᠠᠤᠠᠬᠠᠯ ᠤ᠋ᠨ  ᠪᠢᠴᠢᠭ᠌ ᠊ᠢ ᠵᠥᠪᠰᠢᠶᠡᠷᠡᠵᠦ ᠠᠾᠠᠮᠠ ᠠᠬ᠎ᠠ ᠳᠡᠭᠦᠦ ᠬᠣᠶᠠᠭᠤᠯᠠ ᠶ᠋ᠢ ᠨᠡᠶ᠋ᠢᠰᠯᠡᠯ ᠳ᠋ᠦ᠍ ᠳᠠᠭᠤᠳᠠᠨ ᠠᠪᠴᠢᠷᠠᠭᠠᠳ ᠠᠾᠠᠮᠠ ᠶ᠋ᠢ ᠪᠠᠷᠠᠭᠤᠨ ᠭᠠᠷᠤᠨ  ᠳᠡᠮᠨᠡᠭᠴᠢ ᠲᠦᠰᠢᠮᠡᠯ ᠂ ᠱᠤᠱᠠᠭ ( ᠠᠾᠠᠮᠠ ᠶ᠋ᠢᠨ ᠳᠡᠭᠦᠦ ) ᠊ᠢ  ᠴᠡᠷᠢᠭ ᠦ᠋ᠨ  ᠨᠢᠭᠤᠴᠠ ᠶ᠋ᠢᠨ ᠬᠦᠷᠢᠶᠡᠯᠡᠩ ᠦ᠋ᠨ ᠬᠠᠮᠲᠤ  ᠮᠡᠳᠡᠭᠴᠢ ᠡᠷᠭᠦᠮᠵᠢᠯᠡᠪᠡ ᠃ 
     ᠠᠾᠠᠮᠠ ᠠᠬ᠎ᠠ ᠳᠡᠭᠦᠦ ᠬᠣᠶᠠᠭᠤᠯᠠ ᠵᠠᠷᠯᠢᠭ ᠊ᠢ ᠣᠯᠤᠮᠠᠭᠴᠠ ᠰᠠᠷᠠᠲᠤ ᠰᠥᠨᠢ ᠪᠡᠷ ᠨᠡᠶ᠋ᠢᠰᠯᠡᠯ ᠬᠣᠲᠠᠨ᠎ᠠ ᠳᠣᠪᠲᠣᠯᠭᠠᠨ ᠢᠷᠡᠭᠡᠳ ᠲᠣᠭᠲᠤᠬ᠋᠎ᠠ ᠯᠤᠭ᠎ᠠ ᠠᠭᠤᠯᠵᠠᠵᠤ ᠶᠡᠬᠡᠳᠡ ᠲᠠᠯᠠᠷᠬᠠᠪᠠ ᠃ ᠲᠣᠭᠲᠤᠬ᠋᠎ᠠ ᠲᠡᠳᠡᠨ ᠳ᠋ᠦ᠍ᠷ ᠵᠠᠰᠠᠭ ᠲᠥᠷᠥ ᠶ᠋ᠢᠨ ᠬᠡᠷᠡᠭ ᠊ᠢ ᠨᠠᠶ᠋ᠢᠲᠠᠵᠤ ᠲᠤᠰᠢᠶᠠᠯ ᠳ᠋ᠤ᠌ ᠪᠠᠨ ᠰᠢᠳᠤᠷᠭᠤ ᠶ᠋ᠢ ᠭᠦᠢᠴᠡᠳᠭᠡ ᠭᠡᠮᠡᠨ ᠵᠠᠬᠢᠪᠠ ᠃ ᠮᠠᠷᠭᠠᠰᠢ ᠨᠢ ᠲᠣᠭᠲᠤᠬ᠋᠎ᠠ ᠶᠡᠬᠡ  ᠴᠡᠷᠢᠭ ᠊ᠢ ᠵᠠᠬᠢᠷᠴᠤ ᠭᠣᠣᠯ ᠊ᠢ ᠭᠡᠲᠦᠯᠦᠨ ᠰᠢᠦᠶ᠋ᠢᠵᠸᠦ ᠶ᠋ᠢ ᠴᠢᠭᠯᠡᠨ ᠣᠳᠪᠠ ᠃ 
     ᠤᠯᠠᠭᠠᠨ ᠠᠯᠴᠢᠭᠤᠷᠲᠠᠨ ᠴᠡᠷᠢᠭ ᠶᠡᠬᠡᠳᠡ ᠬᠡᠯᠮᠡᠬ᠋ᠲᠡᠨ ᠪᠠᠶ᠋ᠢᠯᠲᠤᠭᠰᠠᠨ ᠴᠤ᠌ ᠦᠭᠡᠢ ᠪᠡᠷ ᠪᠤᠷᠤᠭᠤᠯᠠᠪᠠ ᠃ ᠯᠢ ᠡᠯ ᠪᠦᠰᠡᠯᠡᠯᠲᠡ ᠶ᠋ᠢ ᠰᠢᠪᠲᠤᠯᠬᠤ ᠳᠤᠮᠳᠠ ᠪᠠᠷᠢᠭᠳᠠᠭᠠᠳ ᠠᠯᠠᠭᠳᠠᠪᠠ ᠃ ᠲᠡᠭᠦᠨ ᠦ᠌ ᠭᠠᠷ ᠳᠣᠣᠷᠠᠬᠢ ᠵᠠᠩᠵᠤᠨ  ᠴᠡᠷᠢᠭ ᠦ᠋ᠳ ᠫᠧᠩ ᠶᠢᠩ ᠢᠦᠢ ᠶ᠋ᠢᠨ ᠤᠳᠤᠷᠢᠳᠤᠯᠭ᠎ᠠ ᠳᠣᠣᠷ᠎ᠠ ᠬᠤᠤᠵᠸᠦ ( ᠣᠳᠣ ᠶ᠋ᠢᠨ  ᠠᠨᠾᠦ᠋ᠢ ᠶ᠋ᠢᠨ ᠹᠧᠩ ᠶᠠᠩ ᠰᠢᠶᠠᠨ ) ᠢ᠋ ᠡᠵᠡᠯᠡᠨ ᠰᠠᠭᠤᠭᠰᠠᠨ ᠭᠦᠸᠧ ᠽᠢ ᠰᠢᠩ ᠊ᠢ ᠳᠠᠭᠠᠷ᠎ᠠ ᠣᠴᠢᠪᠠ ᠃ ᠲᠣᠭᠲᠤᠬ᠋᠎ᠠ ᠪᠠᠷ ᠰᠢᠦᠶ᠋ᠢᠵᠸᠦ ᠶ᠋ᠢ ᠲᠣᠭᠲᠠᠭᠠᠵᠤ ᠢᠯᠠᠯᠲᠠ ᠶ᠋ᠢᠨ ᠮᠡᠳᠡᠭᠡ ᠪᠡᠨ  ᠳᠡᠭᠡᠭᠰᠢ ᠠᠶ᠋ᠢᠯᠠᠤᠠᠬᠠᠪᠠ ᠃ ᠲᠣᠬᠤᠨᠲᠡᠮᠦᠷ ᠬᠠᠭᠠᠨ ᠶᠡᠬᠡᠳᠡ ᠪᠠᠶᠠᠷᠯᠠᠵᠤ ᠲᠣᠭᠲᠤᠬ᠋᠎ᠠ ᠳ᠋ᠤ᠌ ᠲᠠᠶ᠋ᠢᠱ᠌ᠢ ᠴᠣᠯᠠ ᠰᠣᠶᠣᠷᠬᠠᠵᠤ ᠬᠠᠰ ᠤ᠋ᠨ ᠡᠮᠡᠭᠡᠯ ᠱᠠᠩᠨᠠᠪᠠ ᠃ 
    ᠰᠢᠦᠶ᠋ᠢᠵᠸᠦ ᠶ᠋ᠢ ᠬᠡᠲᠦᠶ᠋ᠢᠪᠡᠷ ᠲᠣᠭᠲᠠᠭᠠᠭᠰᠠᠨ ᠠᠪᠠᠴᠤ ᠵᠡᠭᠦᠨ ᠡᠮᠦᠨᠡᠲᠦ ᠣᠷᠣᠨ ᠤ᠋ ᠭᠠᠴᠢᠭᠳᠠᠭᠰᠠᠨ ᠠᠷᠠᠳ ᠪᠠᠰᠠ ᠡᠨᠳᠡ ᠲᠡᠨᠳᠡ ᠤᠷᠪᠠᠯᠭ᠎ᠠ ᠭᠠᠷᠭᠠᠵᠤ ᠤᠰᠤᠨ ᠵᠥᠭᠡᠭᠡᠪᠦᠷᠢ ᠶ᠋ᠢᠨ ᠵᠠᠮ ᠊ᠢ ᠲᠠᠰᠤᠯᠪᠠ ᠃ ᠵᠧ  ᠳ᠋ᠦ᠋ᠩ ᠴᠥᠯᠭᠡ ᠶ᠋ᠢᠨ ᠰᠢᠦᠸᠠᠨ ᠸᠧᠢ ᠱᠢ ᠲᠦᠰᠢᠮᠡᠯ ᠪᠥᠭᠡᠳ ᠳᠦ ᠶᠤᠸᠠᠨᠱᠤᠸᠠᠢ ᠲᠠᠶ᠋ᠢᠪᠣᠬ᠎ᠠ ᠠᠶ᠋ᠢᠯᠠᠤᠠᠬᠠᠷᠤᠨ ᠄ 《 ᠹᠠᠩ ᠭᠦᠸᠧ ᠵᠸᠨ ᠠᠬ᠎ᠠ ᠳᠡᠭᠦᠦ ᠬᠣᠶᠠᠭᠤᠯᠠ ᠣᠯᠠᠨ ᠊ᠢ ᠳᠠᠭᠠᠭᠤᠯᠤᠨ ᠤᠷᠪᠠᠵᠤ ᠳᠠᠯᠠᠢ ᠳᠠᠭᠠᠤ ᠣᠷᠣᠨ ᠊ᠢ ᠤᠤᠯᠭᠠᠯᠠᠨ ᠠᠯᠪᠠᠨ ᠴᠡᠷᠢᠭ ᠊ᠢ ᠣᠯᠠᠨ ᠠᠯᠠᠵᠤ ᠰᠢᠷᠬᠠᠲᠤᠭᠤᠯᠪᠠ ᠃ ᠡᠳᠦᠭᠡ ᠤᠰᠤᠨ ᠵᠥᠭᠡᠭᠡᠪᠦᠷᠢ ᠶ᠋ᠢᠨ ᠵᠠᠮ  ᠲᠠᠰᠤᠯᠳᠠᠪᠠ》 ᠬᠡᠮᠡᠪᠡ ᠃
     ᠲᠣᠬᠤᠨᠲᠡᠮᠦᠷ ᠬᠠᠭᠠᠨ ᠢ᠋ᠶ᠋ᠠᠷ ᠵᠢᠶᠠᠩ ᠵᠧ ᠬᠤᠪᠢᠶᠠᠷᠢ ᠮᠣᠵᠢ ᠶ᠋ᠢᠨ ᠵᠡᠭᠦᠨ ᠭᠠᠷᠤᠨ ᠳᠡᠮᠨᠡᠭᠴᠢ ᠲᠦᠰᠢᠮᠡᠯ ᠳ᠋ᠠᠨᠠᠰᠢᠷᠢ ᠶ᠋ᠢ ᠵᠠᠷᠯᠠᠵᠤ ᠹᠠᠩ ᠭᠦᠸᠧ ᠵᠸᠨ ᠠᠬ᠎ᠠ ᠳᠡᠭᠦᠦ ᠬᠣᠶᠠᠭᠤᠯᠠ ᠶ᠋ᠢ ᠡᠯᠰᠡᠷ᠎ᠡ ᠢᠯᠡᠭᠡᠪᠡ ᠃ ᠹᠠᠩ ᠭᠦᠸᠧ  ᠵᠸᠨ  ᠬᠡᠮᠡᠭᠴᠢ ᠲᠤᠶ᠋ᠢᠯ ᠤ᠋ᠨ ᠬᠤᠯᠵᠢᠨ ᠬᠥᠮᠦᠨ ᠤᠴᠢᠷ ᠬᠠᠭᠠᠨ ᠤ᠋  ᠴᠡᠷᠢᠭ ᠲᠡᠢ ᠡᠰᠡᠷᠭᠦᠴᠡᠯᠳᠦᠬᠦ ᠡᠴᠡ ᠡᠮᠢᠶᠡᠭᠡᠳ ᠬᠠᠭᠤᠷᠮᠠᠭ ᠢ᠋ᠶ᠋ᠠᠷ ᠳᠠᠭᠠᠷ᠎ᠠ ᠢᠷᠡᠪᠡ ᠃ 
     ᠲᠠᠶ᠋ᠢᠪᠣᠬ᠎ᠠ ᠥᠭᠦᠯᠡᠷᠦᠨ ᠄ 《 ᠹᠠᠩ ᠭᠦᠸᠧ ᠵᠸᠨ ᠬᠡᠮᠡᠭᠴᠢ ᠵᠢᠰᠤᠷ ᠵᠠᠯᠢᠬᠠᠢ ᠠᠮᠢᠲᠠᠨ ᠪᠥᠯᠥᠭᠡ ᠃ ᠲᠡᠭᠦᠨ ᠊ᠢ ᠪᠤᠴᠠᠬᠤ ᠵᠠᠮ ᠵᠠᠭᠤᠷ᠎ᠠ ᠨᠢ ᠪᠠᠷᠢᠵᠤ ᠠᠯᠠᠪᠠᠰᠤ  ᠰᠠᠢᠨ 》 ᠬᠡᠮᠡᠬᠦᠢ ᠳ᠋ᠦ᠍ᠷ ᠳ᠋ᠠᠨᠠᠰᠢᠷᠢ ᠂ ᠲᠠᠶ᠋ᠢᠪᠣᠬ᠎ᠠ ᠶ᠋ᠢᠨ ᠦᠭᠡ ᠶ᠋ᠢ ᠰᠣᠨᠣᠰᠤᠭᠰᠠᠨ ᠦᠭᠡᠢ ᠂ ᠬᠠᠷᠢᠨ ᠨᠡᠶ᠋ᠢᠰᠯᠡᠯ ᠣᠷᠣᠵᠤ ᠭᠠᠪᠢᠶ᠎ᠠ  ᠲᠡᠮᠲᠡᠭᠯᠡᠭᠦᠯᠬᠦ ᠪᠡᠷ ᠶᠠᠪᠤᠪᠠ ᠃  
     ᠹᠠᠩ ᠭᠦᠸᠧ ᠵᠸᠨ ᠢ᠋ᠶ᠋ᠡᠷ ᠬᠠᠭᠠᠨ ᠤ᠋ ᠴᠡᠷᠢᠭ  ᠡᠬᠡᠭᠰᠡᠨ ᠊ᠢ ᠦᠵᠡᠭᠡᠳ ᠮᠥᠨ ᠤᠭ ᠬᠡᠪ ᠢ᠋ᠶ᠋ᠡᠷ ᠵᠡᠭᠦᠨ ᠡᠮᠦᠨᠡᠲᠦ ᠣᠷᠣᠨ ᠊ᠢ ᠲᠡᠪᠴᠢᠯᠡᠨ ᠤᠰᠤᠨ ᠵᠠᠮ ᠤ᠋ᠨ ᠵᠥᠭᠡᠭᠡᠪᠦᠷᠢ ᠶ᠋ᠢ ᠲᠠᠰᠤᠯᠪᠠ ᠃ ᠲᠠᠶ᠋ᠢᠪᠤᠬ᠎ᠠ ᠵᠠᠷᠯᠢᠭ ᠢ᠋ᠶ᠋ᠠᠷ  ᠴᠡᠷᠢᠭ ᠳᠠᠶ᠋ᠢᠴᠢᠯᠠᠨ ᠹᠠᠩ ᠭᠦᠸᠧ ᠵᠸᠨ ᠊ᠢ ᠨᠡᠬᠡᠮᠵᠢᠯᠡᠨ ᠪᠠᠶ᠋ᠢᠯᠲᠤᠵᠤ ᠳᠠᠯᠠᠢ ᠶ᠋ᠢᠨ ᠨᠢᠭᠡ ᠪᠠᠭ᠎ᠠ ᠠᠷᠠᠯ ᠳ᠋ᠤ᠌ ᠬᠥᠭᠡᠭᠡᠵᠦ ᠣᠷᠣᠭᠤᠯᠪᠠ ᠃ ᠹᠠᠩ ᠭᠦᠸᠧ ᠵᠸᠨ ᠮᠥᠨ ᠤᠷᠢᠳᠤ ᠶ᠋ᠢᠨ ᠠᠷᠭ᠎ᠠ ᠪᠠᠨ  ᠬᠡᠷᠡᠭᠯᠡᠵᠦ ᠪᠠᠭᠤᠵᠤ  ᠥᠭᠪᠡ ᠃
      ᠲᠠᠶ᠋ᠢᠪᠤᠬ᠎ᠠ ᠂ ᠹᠠᠩ ᠭᠦᠸᠧ ᠵᠸᠨ ᠦ᠌ ᠦᠨᠡᠨ ᠬᠤᠳᠠᠯ ᠊ᠢ ᠲᠡᠩᠰᠡᠷ᠎ᠡ ᠣᠩᠭᠣᠴᠠᠨ ᠳ᠋ᠤ᠌ ᠰᠠᠭᠤᠭᠠᠳ ᠪᠠᠭ᠎ᠠ ᠠᠷᠠᠯ ᠳ᠋ᠤ᠌ ᠬᠦᠷᠪᠡᠰᠦ ᠹᠠᠩ ᠭᠦᠸᠧ ᠵᠸᠨ ᠦ᠌ ᠤᠷᠢᠳᠤ ᠪᠥᠭᠬᠦᠭᠰᠡᠨ ᠴᠡᠷᠢᠭ  ᠭᠠᠷᠴᠤ ᠢᠷᠡᠭᠡᠳ ᠲᠠᠶ᠋ᠢᠪᠤᠬ᠎ᠠ ᠶ᠋ᠢ ᠪᠦᠰᠡᠯᠡᠪᠡ ᠃ ᠲᠠᠶ᠋ᠢᠪᠤᠬ᠎ᠠ ᠠᠯᠢ ᠬᠡᠲᠦᠶ᠋ᠢᠨ ᠪᠡᠯᠡᠳᠬᠡᠯ ᠲᠡᠢ ᠪᠠᠶ᠋ᠢᠬᠰᠠᠨ ᠲᠤᠯᠠ ᠲᠠᠰᠢᠶᠠᠨ ᠳ᠋ᠠᠬᠢ ᠰᠡᠯᠡᠮ᠎ᠡ ᠪᠡᠨ ᠰᠤᠭᠤ ᠲᠡᠳᠡᠨ ᠠᠪᠴᠤ ᠰᠢᠭᠤᠳ ᠠᠯᠠᠨ ᠣᠷᠣᠪᠠ ᠃ ᠰᠢᠳᠠᠷ ᠬᠠᠮᠠᠭᠠᠯᠠᠬᠤ ᠴᠡᠷᠢᠭ ᠲᠤᠰ ᠲᠤᠰ ᠢ᠋ᠶ᠋ᠠᠷ ᠢ᠋ᠶ᠋ᠠᠨ ᠡᠷᠡᠯᠬᠡᠭᠯᠡᠨ ᠪᠠᠶ᠋ᠢᠯᠲᠤᠵᠤ ᠹᠠᠩ ᠭᠦᠸᠧ ᠵᠸᠨ ᠊ᠢ ᠠᠮᠢᠳᠤ ᠪᠠᠷ ᠪᠠᠷᠢᠪᠴᠢᠯᠠᠪᠠ ᠃ 
      ᠹᠠᠩ ᠭᠦᠸᠧ ᠵᠸᠨ ᠤᠳᠠᠭ᠎ᠠ ᠳᠠᠷᠠᠭ᠎ᠠ ᠪᠠᠷ ᠪᠠᠭᠤᠵᠤ ᠥᠭᠭᠦᠭᠡᠳ ᠪᠠᠰᠠ ᠤᠷᠪᠠᠨ  ᠳᠡᠷᠰᠯᠡᠭᠰᠡᠨ ᠢᠨᠤ ᠥᠨᠳᠥᠷ ᠵᠡᠷᠭᠡ ᠬᠡᠷᠬᠡᠮ ᠣᠯᠬᠤ ᠰᠠᠨᠠᠭ᠎ᠠ ᠲᠠᠢ ᠶ᠋ᠢ ᠮᠡᠳᠡᠭᠡᠳ ᠲᠠᠶ᠋ᠢᠪᠤᠬ᠎ᠠ ᠬᠠᠭᠠᠨ ᠳ᠋ᠤᠷ ᠠᠶ᠋ᠢᠯᠠᠤᠠᠬᠠᠵᠤ ᠳᠠᠯᠠᠢ ᠶ᠋ᠢᠨ ᠲᠡᠭᠡᠭᠡᠪᠦᠷᠢ ᠶ᠋ᠢᠨ ᠲᠦᠮᠡᠨ ᠦ᠌ ᠨᠣᠶᠠᠨ ᠡᠷᠭᠦᠮᠵᠢᠯᠡᠵᠦ ᠂ ᠵᠢᠶᠠᠩ ᠵᠧ ᠬᠤᠪᠢᠶᠠᠷᠢ ᠮᠣᠵᠢ ᠶ᠋ᠢᠨ  ᠼᠠᠨ ᡁᠢ ᠵᠸᠩᠱᠢ ᠲᠦᠰᠢᠮᠡᠯ ᠪᠣᠯᠭᠠᠪᠠ ᠃ ᠹᠠᠩ ᠭᠦᠸᠧ ᠵᠸᠨ ᠡᠨᠲᠡᠴᠡ ᠰᠡᠳᠬᠢᠯ ᠲᠣᠬᠣᠷᠴᠤ ᠸᠸᠨᠵᠸᠤ ᠂ ᠲᠠᠶ᠋ᠢᠵᠸᠤ ᠂ ᠴᠢᠩᠶᠤᠸᠠᠨ ᠭᠤᠷᠪᠠᠨ ᠴᠥᠯᠭᠡ ᠶ᠋ᠢᠨ ᠠᠷᠪᠠᠨ ᠨᠢᠭᠡᠨ ᠰᠢᠶᠠᠨ ᠊ᠢ ᠡᠵᠡᠯᠡᠵᠦ ᠳᠠᠶ᠋ᠢᠳᠤ ᠬᠣᠲᠠᠨ᠎ᠠ ᠵᠢᠯ ᠪᠦᠷᠢ ᠦᠯᠡᠮᠵᠢ ᠠᠷᠪᠢᠨ ᠠᠮᠤ ᠪᠤᠳᠠᠭ᠎ᠠ ᠬᠦᠷᠭᠡᠵᠦ ᠶᠤᠸᠠᠨ ᠤᠯᠤᠰ ᠤ᠋ᠨ ᠲᠥᠷᠥ ᠳ᠋ᠦ᠍  ᠦᠢᠯᠡᠴᠢᠯᠡᠭᠰᠡᠨ ᠪᠠᠶ᠋ᠢᠪᠠ ᠃
      ᠲᠣᠬᠤᠨᠲᠡᠮᠤᠷ ᠬᠠᠭᠠᠨ ᠢ᠋ᠶ᠋ᠠᠷ ᠲᠠᠶ᠋ᠢᠪᠤᠬ᠎ᠠ ᠶ᠋ᠢᠨ ᠭᠠᠪᠢᠶ᠎ᠠ ᠶ᠋ᠢ ᠲᠡᠮᠲᠡᠭᠯᠡᠨ ᠬᠦᠨᠳᠦ ᠪᠡᠷ ᠱᠠᠩᠨᠠᠪᠠ ᠃ ᠲᠠᠶ᠋ᠢᠪᠤᠬ᠎ᠠ  ᠪᠣᠯ ᠮᠣᠩᠭᠣᠯ ᠤ᠋ᠨ ᠪᠠᠶᠠᠭᠤᠳ ᠣᠪᠣᠭ ᠤ᠋ᠨ ᠬᠥᠮᠦᠨ ᠪᠤᠶᠤ ᠃ ᠡᠴᠢᠭᠡ ᠨᠢ ᠲᠠᠶ᠋ᠢᠵᠸᠤ ᠶ᠋ᠢᠨ ᠨᠣᠶᠠᠨ ᠪᠠᠶ᠋ᠢᠪᠠ ᠃ ᠲᠠᠶ᠋ᠢᠪᠤᠬ᠎ᠠ《 ᠭᠤᠷᠪᠠᠨ ᠲᠥᠷᠥ ᠶ᠋ᠢᠨ ᠲᠡᠦᠬᠡ 》 ᠶ᠋ᠢ ᠲᠤᠭᠤᠷᠪᠢᠬᠤ ᠳ᠋ᠤ᠌ ᠲᠣᠬᠢᠶᠠᠯᠳᠤᠭᠤᠯᠤᠨ ᠨᠠᠶ᠋ᠢᠷᠠᠭᠤᠯᠤᠭᠴᠢ ᠪᠣᠯᠵᠤ ᠂ ᠾᠦᠢ ᠲᠦᠩ ᠭᠤᠸᠠᠨ ᠬᠦᠷᠢᠶ᠎ᠡ ᠶ᠋ᠢᠨ  ᠬᠡᠷᠡᠭ ᠊ᠢ ᠮᠡᠳᠡᠵᠦ ᠪᠠᠶ᠋ᠢᠪᠠ ᠃ ᠶᠣᠰᠣᠯᠠᠯ ᠤ᠋ᠨ ᠶᠠᠪᠤᠳᠠᠯ ᠤ᠋ᠨ ᠶᠠᠮᠤᠨ ᠤ᠋ ᠡᠷᠭᠢᠨ ᠰᠠᠶ᠋ᠢᠳ ᠪᠣᠯᠵᠤ ᠥᠩᠭᠡᠷᠡᠪᠡ ᠃ 
     ᠲᠠᠶ᠋ᠢᠪᠤᠬ᠎ᠠ ᠠᠨᠤ ᠬᠠᠭᠠᠨ ᠤ᠋ ᠡᠷᠢᠯ ᠬᠦᠰᠡᠯ ᠊ᠢ ᠬᠦᠰᠡᠷᠳᠡᠭᠦᠯᠦᠭᠰᠡᠨ ᠦᠭᠡᠢ ᠂ ᠵᠡᠭᠦᠨ ᠡᠮᠦᠨᠡᠲᠦ ᠣᠷᠣᠨ ᠳ᠋ᠤ᠌ ᠳᠠᠷᠤᠨ ᠰᠠᠭᠤᠭᠠᠳ ᠹᠠᠩ ᠭᠦᠸᠧ ᠵᠸᠨ ᠦ᠌ ᠳᠡᠭᠡᠷᠡᠮ ᠊ᠢ ᠡᠯᠰᠡᠨ ᠠᠪᠤᠭᠠᠳ ᠲᠠᠷᠢᠶ᠎ᠠ  ᠢᠯᠠᠮ᠎ᠠ ᠶ᠋ᠢᠨ ᠦᠢᠯᠡᠰ ᠊ᠢ  ᠬᠥᠭᠵᠢᠭᠦᠯᠵᠦ ᠂ ᠠᠷᠠᠳ ᠢᠷᠭᠡᠳ ᠦ᠋ᠨ ᠠᠵᠤ ᠠᠮᠢᠳᠤᠷᠠᠯ ᠊ᠢ ᠲᠣᠭᠲᠠᠭᠤᠨ ᠪᠣᠯᠭᠠᠪᠠ ᠃ 
     ᠲᠣᠬᠣᠨᠲᠡᠮᠤᠷ ᠬᠠᠭᠠᠨ ᠢ᠋ᠶ᠋ᠠᠷ ᠵᠦᠩᠶᠤᠸᠠᠨ ᠣᠷᠣᠨ ᠲᠦᠪᠰᠢᠷᠡᠵᠦ ᠠᠮᠤ ᠬᠦᠨᠡᠰᠦᠨ ᠡᠯᠪᠡᠭᠵᠢᠭᠡᠳ᠂ ᠠᠷᠠᠳ ᠢᠷᠭᠡᠳ ᠦ᠋ᠨ ᠠᠵᠤ ᠠᠮᠢᠳᠤᠷᠠᠯ ᠠᠮᠤᠷ ᠲᠣᠭᠲᠠᠭᠤᠨ ᠪᠣᠯᠤᠭᠰᠠᠨ ᠊ᠢ ᠮᠡᠳᠡᠭᠡᠳ ᠰᠡᠳᠬᠢᠯ ᠰᠠᠨᠠᠭ᠎ᠠ ᠠᠭᠤᠵᠢᠷᠠᠵᠤ ᠂ ᠲᠣᠭᠲᠤᠬ᠋᠎ᠠ ᠴᠢᠩᠰᠠᠩ ᠳ᠋ᠤ᠌ ᠵᠠᠰᠠᠭ ᠲᠥᠷᠥ ᠶ᠋ᠢᠨ  ᠬᠡᠷᠡᠭ ᠊ᠢ ᠲᠤᠰᠢᠶᠠᠵᠤ ᠂ ᠥᠪᠡᠷ ᠢ᠋ᠶ᠋ᠡᠨ ᠰᠤᠯᠠ ᠰᠡᠯᠡᠭᠦᠨ ᠬᠠᠭᠠᠨ ᠤ᠋ ᠠᠮᠢᠳᠤᠷᠠᠯ ᠊ᠢ ᠥᠩᠭᠡᠷᠡᠭᠦᠯᠦᠶ᠎ᠡ ᠭᠡᠮᠡᠨ ᠰᠡᠳᠬᠢᠪᠡ ᠃  

       ᠦᠰᠦᠭ ᠠᠮᠢᠯᠠᠭᠤᠯᠤᠭᠴᠢ ᠄ ᠥᠷᠯᠥᠭ ᠂ ᠰᠠᠷᠠᠨ᠎ᠠ ᠂ ᠡᠷᠳᠡᠨᠢ ᠂ ᠴᠧᠨ ᠬᠤᠪᠢᠰᠬᠠᠯ ᠂ ᠪᠤᠤ ᠿᠦᠩ ᠬᠤᠸᠠ
            ᠬᠢᠨᠠᠭᠴᠢ ᠄ ᠮᠥᠴᠢᠷ