ᠬᠤᠪᠢᠷᠠᠯ - ᠬᠣᠨᠳᠣᠨ ᠪᠠᠭᠠᠲᠤᠷХувирал-хондон баатар ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠪᠢᠷᠠᠯ - ᠬᠣᠨᠳᠣᠨ ᠪᠠᠭᠠᠲᠤᠷХувирал-хондон баатар

ᠬᠤᠪᠢᠷᠠᠯ - ᠬᠣᠨᠳᠣᠨ ᠪᠠᠭᠠᠲᠤᠷХувирал-хондон баатар

2023-03-31

432

ᠬᠤᠪᠢᠷᠠᠯ

       ᠬᠣᠨᠳᠣᠨ ᠪᠠᠭᠠᠲᠤᠷ

 

  ᠡᠪᠦᠯ ᠦ᠋ᠨ ᠳᠤᠮᠳᠠ ᠰᠠᠷ᠎ᠠ ᠶ᠋ᠢᠨ ᠡᠬᠢᠨ ᠦ᠌ ᠨᠢᠭᠡ ᠡᠳᠦᠷ ᠪᠠᠷᠬ᠎ᠡ ᠶ᠋ᠢᠨ ᠬᠠᠯᠲᠠᠷ ᠭᠢᠴᠢᠢ ᠭᠥᠯᠥᠭᠡᠯᠡᠪᠡ ᠃

ᠬᠥᠳᠡᠭᠡ ᠠᠶ᠋ᠢᠯ ᠢ᠋ᠶ᠋ᠠᠷ ᠬᠣᠪᠣᠷ ᠪᠣᠯᠤᠭᠰᠠᠨ ᠨᠤᠲᠤᠭ ᠤ᠋ᠨ ᠪᠠᠩᠬᠠᠷ ᠭᠡᠭᠴᠢ ᠳᠥᠷᠪᠡᠨ ᠨᠢᠳᠦᠲᠡᠢ ᠬᠠᠯᠲᠠᠷ ᠨᠣᠬᠠᠢ ᠬᠣᠯᠠ ᠣᠶ᠋ᠢᠷ᠎ᠠ ᠶ᠋ᠢᠨ ᠬᠥᠮᠦᠰ ᠦ᠋ᠨ ᠨᠢᠳᠦᠨ ᠦ᠌ ᠬᠣᠷᠣᠬᠠᠢ ᠪᠣᠯᠵᠤ 《 ᠭᠥᠯᠥᠭᠡ ᠠᠪᠤᠶ᠎ᠠ 》ᠭᠡᠳᠡᠭ ᠬᠥᠮᠦᠰ ᠪᠠᠩᠬᠠᠷ ᠲᠠᠢ ᠠᠶ᠋ᠢᠯ ᠠ᠋ᠴᠠ 《 ᠨᠠᠳᠠ ᠨᠢᠭᠡ ᠦᠯᠡᠳᠡᠭᠡᠵᠦ ᠥᠭ ᠂ ᠪᠢᠲᠡᠭᠡᠢ ᠮᠠᠷᠲᠠᠴᠢᠬ᠎ᠠ ᠳᠠ 》 ᠭᠡᠵᠦ ᠦᠢᠯᠡ ᠶ᠋ᠢ ᠨᠢ ᠦᠵᠡᠬᠦ ᠪᠣᠯᠤᠭᠰᠠᠨ ᠊ᠢ ᠶᠠᠭᠠᠬᠢᠯᠲᠠᠢ ᠃ᠪᠠᠷᠬ᠎ᠡ ᠶ᠋ᠢᠨ ᠭᠢᠴᠢᠢ ᠵᠢᠷᠭᠤᠭᠠᠨ ᠬᠠᠯᠲᠠᠷ ᠭᠥᠯᠥᠭᠡ ᠭᠥᠯᠥᠭᠡᠯᠡᠭᠰᠡᠨ ᠪᠥᠭᠡᠳ ᠠᠷᠪᠠᠨ ᠳᠥᠷᠪᠡ ᠬᠣᠨᠣᠭ ᠲᠤ᠌ ᠪᠠᠨ ᠨᠢᠳᠦ ᠪᠡᠨ ᠨᠡᠭᠡᠭᠡᠵᠦ ᠬᠣᠷᠢᠨ ᠨᠢᠭᠡ ᠬᠣᠨᠣᠭ ᠲᠤ᠌ ᠪᠠᠨ ᠢᠳᠡᠰᠢᠨ ᠳ᠋ᠦ᠍ ᠣᠷᠣᠪᠠ ᠃ ᠪᠠᠷᠬ᠎ᠡ ᠴᠦ᠍ ᠡᠳᠡᠭᠡᠷ ᠭᠥᠯᠥᠭᠡ ᠪᠡᠨ ᠬᠡᠨ ᠬᠡᠨ ᠳ᠋ᠦ᠍ ᠥᠭᠬᠦ  ᠪᠡᠨ ᠳᠣᠲᠣᠷ᠎ᠠ ᠪᠠᠨ  ᠲᠣᠭᠠᠴᠠᠭᠠᠯᠠᠵᠤ ᠬᠡᠳᠦ ᠬᠣᠨᠣᠪᠠ ᠃ ᠭᠡᠪᠡᠴᠦ ᠠᠪᠤᠶ᠎ᠠ ᠭᠡᠰᠡᠨ ᠬᠥᠮᠦᠨ ᠨᠢ ᠣᠯᠠᠨ ᠂ ᠭᠥᠯᠥᠭᠡ ᠨᠢ ᠲᠣᠭᠠᠲᠠᠢ ᠪᠣᠯᠬᠣᠷ ᠪᠠᠰᠠ ᠴᠤ᠌ ᠵᠣᠪᠠᠭᠤᠷᠢᠲᠠᠢ ᠂ ᠣᠳᠣ ᠶ᠋ᠢᠨ ᠬᠥᠮᠦᠰ ᠪᠠᠭ᠎ᠠ ᠯᠠ ᠶᠠᠭᠤᠮᠠᠨ ᠳ᠋ᠤ᠌ ᠭᠣᠮᠣᠳᠠᠴᠢᠬᠠᠬᠤ ᠨᠢ ᠭᠠᠶ᠋ᠢᠬᠠᠮᠠᠷ ᠂ ᠬᠥᠮᠦᠨ ᠦ᠌ ᠵᠣᠪᠠᠯᠠᠩ ᠊ᠢ ᠮᠡᠳᠡᠬᠦ ᠦᠭᠡᠢ 《 ᠮᠠᠭᠤ ᠨᠣᠬᠠᠢ ᠶ᠋ᠢᠨ ᠭᠥᠯᠥᠭᠡ ᠪᠡᠨ ᠬᠦᠷᠲᠡᠯ᠎ᠡ ᠬᠠᠷᠠᠮᠨᠠᠭᠠᠳ 》 ᠭᠡᠵᠦ ᠣᠯᠵᠤ ᠠᠪᠤᠭ᠎ᠠ ᠦᠭᠡᠢ ᠵᠠᠷᠢᠮ ᠨᠢ ᠢᠯᠡ ᠳᠠᠯᠳᠠ ᠦᠭᠡ ᠢᠳᠡᠭᠦᠯᠦᠨ᠎ᠡ ᠃ ᠶᠡᠷᠦ ᠨᠢ ᠮᠠᠯᠴᠢᠨ ᠨᠣᠬᠠᠢ ᠳ᠋ᠤ᠌ ᠶᠡᠬᠡ ᠬᠠᠶ᠋ᠢᠷᠠᠲᠠᠢ ᠂ ᠲᠥᠭᠡᠷᠢᠭᠰᠡᠨ ᠲᠡᠨᠦᠭᠰᠡᠨ ᠵᠣᠯᠪᠢᠩ ᠨᠣᠬᠠᠢ ᠶ᠋ᠢ ᠴᠦ᠍ ᠦᠷᠦ ᠡᠪᠡᠳᠦᠨ ᠭᠡᠷ ᠲᠦ᠍ ᠪᠡᠨ ᠠᠪᠴᠢᠷᠠᠨ ᠲᠡᠵᠢᠭᠡᠳᠡᠭ ᠨᠢ ᠶᠡᠷᠦ ᠶ᠋ᠢᠨ ᠤᠴᠢᠷ ᠂ ᠲᠡᠶ᠋ᠢᠮᠦ ᠳ᠋ᠦ᠍ ᠪᠡᠨ ᠴᠦ᠍ ᠮᠣᠷᠢ ᠨᠣᠬᠠᠢ ᠬᠣᠶᠠᠷ ᠪᠣᠯ ᠮᠠᠯᠴᠢᠨ ᠤ᠋ ᠳᠣᠲᠣᠨᠣ ᠬᠠᠨᠢ ᠭᠡᠳᠡᠭ ᠂ ᠳᠡᠭᠡᠷ᠎ᠡ ᠦᠶ᠎ᠡ ᠳ᠋ᠦ᠍ ᠨᠤᠲᠤᠭ ᠬᠤᠪᠢᠶᠠᠭ᠎ᠠ ᠦᠭᠡᠢ ᠂ ᠲᠣᠣᠷ ᠬᠦᠷᠢᠶ᠎ᠡ ᠲᠠᠲᠠᠭ᠎ᠠ ᠦᠭᠡᠢ ᠂ ᠵᠤᠨ ᠨᠠᠮᠤᠷ ᠬᠣᠨᠢ ᠵᠠᠳᠠᠭᠠᠢ ᠬᠣᠨᠣᠳᠠᠭ ᠪᠠᠶ᠋ᠢᠬᠰᠠᠨ ᠴᠠᠭ ᠲᠤ᠌ ᠬᠣᠶᠠᠷ ᠭᠤᠷᠪᠠᠨ ᠰᠠᠢᠨ ᠨᠣᠬᠠᠢ ᠲᠠᠢ ᠮᠠᠯᠴᠢᠳ ᠬᠤᠯᠠᠭᠠᠢ ᠵᠡᠯᠡᠭᠡᠢ ᠬᠡᠭᠡᠷ᠎ᠡ ᠶ᠋ᠢᠨ ᠪᠣᠣᠬᠠᠢ ᠠ᠋ᠴᠠ ᠠᠶᠤᠬᠤ ᠤᠴᠢᠷ ᠦᠭᠡᠢ ᠰᠠᠨᠠᠭ᠎ᠠ ᠠᠮᠤᠷ ᠪᠠᠶ᠋ᠢᠲᠠᠭ ᠃ ᠲᠡᠷᠡ ᠦᠶ᠎ᠡ ᠶ᠋ᠢᠨ ᠭᠢᠴᠢᠢ ᠭᠤᠷᠪᠠ ᠶᠢᠰᠦ ᠳ᠋ᠦ᠍ ᠭᠥᠯᠥᠭᠡᠯᠡᠵᠦ ᠳᠣᠯᠣᠭᠠᠨ ᠡᠷ᠎ᠡ ᠭᠥᠯᠥᠭᠡ ᠭᠥᠯᠥᠭᠡᠯᠡᠪᠡᠯ ᠴᠡᠭᠡᠵᠢᠨ ᠦ᠌ ᠭᠥᠯᠥᠭᠡ ᠨᠢ ᠴᠢᠨᠣ᠎ᠠ ᠪᠠᠷᠢᠳᠠᠭ ᠬᠡᠴᠡᠭᠦᠦ ᠨᠣᠬᠠᠢ ᠪᠣᠯᠤᠨ᠎ᠠ ᠭᠡᠵᠦ ᠡᠪᠦᠭᠡᠳ ᠬᠠᠭᠤᠴᠢᠯᠠᠳᠠᠭ ᠰᠠᠨ ᠃ ᠲᠡᠭᠡᠭᠡᠳ ᠴᠦ᠍ ᠰᠠᠢᠨ ᠨᠣᠬᠠᠢ ᠭᠡᠷ ᠦ᠋ᠨ ᠢ᠋ᠶ᠋ᠡᠨ ᠭᠠᠳᠠᠨ᠎ᠠ ᠦᠬᠦᠳᠡᠭ ᠦᠭᠡᠢ ᠵᠠᠶ᠋ᠢᠲᠠᠭᠤ ᠳᠠᠯᠳᠠ ᠣᠴᠢᠵᠤ ᠦᠬᠦᠳᠡᠭ ᠨᠢ ᠪᠠᠰᠠ ᠴᠤ᠌ ᠴᠠᠭᠠᠨ᠎ᠠ ᠪᠠᠨ ᠨᠢᠭᠡ ᠤᠴᠢᠷᠲᠠᠢ ᠃ ᠮᠠᠯᠴᠢᠳ ᠬᠥᠭᠰᠢᠷᠡᠵᠦ ᠦᠬᠦᠭᠰᠡᠨ ᠨᠣᠬᠠᠢ ᠪᠠᠨ ᠥᠨᠳᠥᠷᠬᠡᠨ ᠲᠣᠯᠣᠭᠠᠢ ᠶ᠋ᠢᠨ ᠡᠩᠭᠡᠷ ᠲᠦ᠍ ᠣᠷᠣᠰᠢᠭᠤᠯᠬᠤ ᠳ᠋ᠤ᠌ ᠪᠠᠨ ᠰᠡᠭᠦᠯ ᠊ᠢ ᠨᠢ ᠣᠭᠲᠣᠯᠵᠤ ᠳᠡᠷᠡᠯᠡᠭᠦᠯᠦᠨ ᠠᠮᠠᠨ ᠳ᠋ᠤ᠌ ᠨᠢ ᠰᠢᠷ᠎ᠠ ᠲᠣᠰᠣ ᠬᠣᠨᠢᠨ ᠤ᠋ ᠰᠡᠭᠦᠯ ᠡᠮᠬᠦᠭᠦᠯᠵᠦ 《 ᠳᠠᠷᠠᠭ᠎ᠠ ᠲᠥᠷᠥᠯ ᠳ᠋ᠦ᠍ ᠪᠡᠨ ᠬᠥᠮᠦᠨ ᠪᠣᠯᠵᠤ ᠪᠤᠴᠠᠵᠤ ᠢᠷᠡᠭᠡᠷᠡᠢ 》 ᠭᠡᠵᠦ ᠪᠡᠯᠭᠡᠰᠢᠶᠡᠳᠡᠭ ᠃ ᠣᠶ᠋ᠢᠷ᠎ᠠ ᠶ᠋ᠢᠨ ᠵᠢᠯ ᠡᠴᠡ ᠠᠶ᠋ᠢᠯ ᠪᠦᠷᠢ ᠨᠤᠲᠤᠭ ᠢ᠋ᠶ᠋ᠠᠨ ᠲᠣᠣᠷᠯᠠᠵᠤ ᠂ ᠬᠦᠷᠰᠢ ᠰᠠᠬᠠᠭᠠᠯᠲᠠ ᠬᠣᠭᠣᠷᠣᠨᠳᠣ ᠪᠠᠨ ᠶᠠᠪᠤᠯᠴᠠᠬᠤ ᠨᠢ ᠴᠥᠭᠡᠷᠡᠭᠰᠡᠨ ᠡᠴᠡ 《 ᠪᠢ ᠪᠣᠯᠵᠤ ᠯᠠ ᠪᠠᠶ᠋ᠢᠪᠠᠯ ᠴᠢ ᠶᠠᠭᠠᠬᠢᠵᠤ ᠪᠠᠶ᠋ᠢᠬᠰᠠᠨ ᠴᠤ᠌ ᠨᠠᠳᠠ ᠫᠠᠳ ᠦᠭᠡᠢ 》 ᠭᠡᠰᠡᠨ ᠠᠳᠬᠠᠭ ᠮᠠᠭᠤᠬᠠᠢ ᠪᠣᠳᠣᠯ ᠬᠥᠮᠦᠰ ᠦ᠋ᠨ ᠵᠢᠷᠦᠬᠡᠨ ᠳ᠋ᠦ᠍ ᠨᠡᠪᠴᠢᠵᠦ ᠡᠬᠢᠯᠡᠭᠰᠡᠨ ᠨᠢ ᠴᠦ᠍ ᠬᠤᠳᠠᠯ ᠪᠢᠰᠢ ᠃ ᠮᠥᠨ ᠴᠦ᠍ ᠰᠢᠨᠡᠴᠢᠯᠡᠯ ᠬᠥᠭᠵᠢᠯᠲᠡ ᠶ᠋ᠢ ᠳᠠᠭᠠᠯᠳᠤᠨ ᠬᠡᠮᠵᠢᠶ᠎ᠡ ᠲᠡᠢ ᠪᠡᠯᠴᠢᠭᠡᠷ ᠲᠦ᠍ ᠲᠣᠭᠠᠲᠠᠢ ᠮᠠᠯ ᠢ᠋ᠶ᠋ᠠᠨ ᠬᠠᠷᠠᠬᠤ ᠪᠣᠯᠤᠭᠰᠠᠨ ᠠ᠋ᠴᠠ ᠨᠣᠬᠠᠢ ᠶ᠋ᠢᠨ ᠡᠭᠦᠷᠭᠡ ᠬᠡᠷᠡᠭᠴᠡᠭᠡ ᠴᠦ᠍ ᠪᠠᠭᠠᠰᠴᠤ ᠠᠶ᠋ᠢᠯ ᡂᠨ  ᠢ᠋ᠶ᠋ᠡᠷ ᠴᠡᠪᠡᠷ ᠤᠳᠤᠮ ᠤ᠋ᠨ ᠪᠠᠩᠬᠠᠷ ᠭᠡᠳᠡᠭ ᠲᠤᠩ ᠴᠥᠭᠡᠨ ᠬᠠᠷᠠᠭᠳᠠᠬᠤ ᠪᠣᠯᠪᠠ ᠃ ᠲᠡᠶ᠋ᠢᠮᠦ ᠳ᠋ᠦ᠍ ᠪᠡᠨ ᠴᠦ᠍ ᠭᠠᠳᠠᠨ᠎ᠠ ᠬᠣᠰᠢᠭᠤ ᠠᠶ᠋ᠢᠮᠠᠭ ᠤ᠋ᠨ ᠬᠢᠨ ᠬᠥᠯᠥᠨ ᠪᠤᠶ᠋ᠢᠷ ᠤ᠋ᠨ ᠮᠠᠯᠴᠢᠳ ᠠ᠋ᠴᠠ ᠡᠪᠦᠯ ᠪᠣᠯᠤᠭᠰᠠᠭᠠᠷ ᠭᠥᠯᠥᠭᠡ ᠭᠥᠯᠥᠭᠡ ᠭᠡᠵᠦ ᠲᠠᠨᠢᠯ ᠬᠥᠮᠦᠰ ᠲᠡᠢ ᠪᠡᠨ ᠵᠢᠭᠤᠷᠠᠯᠳᠤᠬᠤ ᠨᠢ ᠰᠣᠨᠢᠨ ᠪᠢᠰᠢ ᠯᠡ ᠳᠡ ᠃ ᠪᠠᠷᠬ᠎ᠡ ᠬᠡᠳᠦᠨ ᠭᠥᠯᠥᠭᠡ ᠪᠡᠨ ᠲᠡᠷᠭᠡᠨ ᠳ᠋ᠦ᠍ ᠪᠡᠨ ᠲᠡᠭᠡᠭᠡᠵᠦ ᠬᠣᠰᠢᠭᠤ ᠣᠷᠣᠬᠤ ᠵᠠᠮ ᠊ᠢ ᠡᠯᠭᠦᠯ᠎ᠡ ᠃ ᠥᠰᠵᠦ ᠲᠥᠷᠥᠭᠰᠡᠨ ᠨᠤᠲᠤᠭ ᠨᠢ ᠥᠰᠬᠡᠵᠦ ᠠᠷᠠᠴᠢᠯᠠᠭᠰᠠᠨ ᠰᠦᠷᠦᠭ ᠨᠢ ᠣᠷᠣᠰᠢᠨ ᠠᠮᠢᠳᠤᠷᠠᠳᠠᠭ ᠬᠥᠮᠦᠨ ᠠᠷᠠᠳ ᠤ᠋ᠨ ᠪᠣᠳᠣᠯ ᠰᠡᠳᠬᠢᠯ ᠨᠢ ᠪᠦᠷ ᠯᠡ ᠬᠠᠭᠤᠴᠢᠨ ᠠ᠋ᠴᠠ ᠪᠠᠨ ᠣᠨᠳᠣᠣ ᠪᠣᠯᠵᠤ ᠬᠤᠪᠢᠷᠠᠭᠰᠠᠭᠠᠷ ᠪᠠᠶ᠋ᠢᠬ᠋᠎ᠠ ᠰᠢᠭ᠋ ᠲᠡᠭᠦᠨ ᠳ᠋ᠦ᠍ ᠪᠣᠳᠣᠭᠳᠠᠨ᠎ᠠ ᠃ ᠲᠡᠭᠡᠭᠡᠳ ᠥᠪᠡᠷ ᠢ᠋ᠶ᠋ᠡᠨ ᠴᠦ᠍ ᠴᠠᠭ ᠤ᠋ᠨ ᠪᠠᠶ᠋ᠢᠲᠠᠯ ᠊ᠢ ᠳᠠᠭᠠᠵᠤ ᠡᠭᠦᠯᠳᠡᠷ ᠰᠠᠶ᠋ᠢᠵᠢᠷᠠᠭᠤᠯᠤᠨ᠎ᠠ ᠭᠡᠵᠦ ᠡᠮᠦᠨ᠎ᠡ ᠬᠣᠶᠠᠷ ᠵᠢᠯ ᠡᠴᠡ ᠨᠤᠲᠤᠭ ᠤ᠋ᠨ ᠮᠠᠯ ᠢ᠋ᠶ᠋ᠠᠨ ᠴᠦᠯᠡᠵᠦ ᠰᠠᠢᠨ ᠡᠭᠦᠯᠳᠡᠷ ᠦ᠋ᠨ ᠥᠨᠳᠥᠷ ᠦᠨ᠎ᠡ ᠲᠡᠢ ᠦᠬᠡᠷ ᠠᠪᠴᠢᠷᠠᠭᠠᠳ ᠣᠳᠣ 《 ᠮᠢᠬ᠎ᠠ ᠪᠠᠨ ᠢᠳᠡᠵᠦ 》 ᠪᠠᠶ᠋ᠢᠬ᠋᠎ᠠ ᠪᠠᠨ ᠪᠣᠳᠣᠨ ᠬᠠᠴᠠᠷ ᠨᠢᠭᠤᠷ ᠨᠢ ᠬᠠᠯᠠᠭᠤ ᠣᠷᠬᠢᠬᠤ ᠰᠢᠭ᠋ ᠪᠣᠯᠪᠠ ᠂ ᠂ ᠂ ᠂

ᠬᠠᠮᠤᠭ ᠶᠠᠭᠤᠮ᠎ᠠ ᠬᠤᠪᠢᠷᠠᠭᠰᠠᠭᠠᠷ ᠂ ᠂ ᠂ ᠂

 

  ᠦᠰᠦᠭ ᠠᠮᠢᠯᠠᠭᠤᠯᠤᠭᠴᠢ ᠄ ᠣᠶᠤᠨᠴᠢᠮᠡᠭ

     ᠬᠢᠨᠠᠭᠴᠢ ᠪᠠᠭᠰᠢ ᠄ ᠣᠣᠬᠠᠭᠰᠣ᠎ᠡ