ᠮᠡᠷᠭᠡᠳ ᠦᠨ ᠦᠭᠡᠰ -ᠤᠯᠤᠰ ᠦᠨᠳᠦᠰᠦᠲᠡᠨ ᠢᠶᠡᠨ ᠬᠠᠢᠷᠠᠯᠠᠬᠤ ᠲᠤᠬᠠᠢМэргэдийн үгс-улс үндэстэнээ хайрлах тухай
ᠮᠡᠷᠭᠡᠳ ᠦᠨ ᠦᠭᠡᠰ -ᠤᠯᠤᠰ ᠦᠨᠳᠦᠰᠦᠲᠡᠨ ᠢᠶᠡᠨ ᠬᠠᠢᠷᠠᠯᠠᠬᠤ ᠲᠤᠬᠠᠢ
1 ᠠᠯᠲᠠᠨ ᠪᠡᠶ᠎ᠡ ᠮᠢᠨᠦ ᠠᠯᠵᠢᠶᠠᠪᠠᠰᠤ ᠠᠯᠵᠢᠶᠠᠲᠤᠭᠠᠢ ᠠᠬᠤ ᠲᠥᠷᠥ ᠮᠢᠨᠦ ᠪᠤᠤ ᠠᠯᠵᠢᠶᠠᠲᠤᠭᠠᠢ ᠪᠦᠲᠦᠨ ᠪᠡᠶ᠎ᠡ ᠮᠢᠨᠦ ᠵᠣᠪᠠᠪᠠᠰᠤ ᠵᠣᠪᠠᠲᠤᠭᠠᠢ ᠪᠦᠷᠢᠨ ᠤᠯᠤᠰ ᠮᠢᠨᠦ ᠪᠤᠤ ᠵᠣᠪᠠᠲᠤᠭᠠᠢ ᠃ — ᠲᠡᠮᠦᠵᠢᠨ ( ᠮᠣᠩᠭᠣᠯ ᠬᠠᠭᠠᠨᠲᠤ ᠤᠯᠤᠰ )
2 ᠪᠣᠳᠣᠬᠤᠯ᠎ᠠ ᠬᠥᠮᠦᠨ ᠲᠥᠷᠥᠯᠬᠢᠲᠡᠨ ᠣᠷᠴᠢᠯᠠᠩ ᠳ᠋ᠤᠷ ᠠᠵᠤ ᠲᠦᠷᠦᠬᠦᠢ ᠳ᠋ᠦ᠍ᠷ ᠡᠷᠬᠡᠪᠰᠢ ᠲᠡᠷᠢᠭᠦᠨ ᠳ᠋ᠦ᠍ᠷ ᠠᠶ᠋ᠢᠮᠠᠭ ᠤᠭᠰᠠᠭ᠎ᠠ ᠪᠠᠨ ᠲᠤᠰᠠᠯᠠᠨ ᠲᠡᠳᠬᠦᠬᠦ ᠪᠠ ᠣᠯᠠᠨ ᠲᠦᠮᠡᠨ ᠳ᠋ᠦ᠍ᠷ ᠪᠤᠶᠠᠨ ᠵᠠᠪᠰᠢᠶᠠᠨ ᠡᠲᠯᠡᠭᠦᠯᠬᠦ ᠶ᠋ᠢ ᠭᠣᠣᠯ ᠵᠣᠷᠢᠯᠲᠠ ᠪᠠᠨ ᠪᠣᠯᠭᠠᠵᠤ ᠂ ᠲᠤᠰ ᠲᠤᠰ ᠲᠠᠭᠠᠨ ᠡᠷᠳᠡᠮ ᠨᠣᠮ ᠊ᠢ ᠬᠦᠴᠦᠯᠡᠨ ᠰᠤᠷᠴᠤ ᠡᠨᠡᠬᠦ ᠵᠢᠷᠤᠮᠲᠤ ᠶᠠᠪᠤᠳᠠᠯ ᠢ᠋ᠶ᠋ᠠᠨ ᠪᠦᠲᠦᠭᠡᠰᠦᠭᠡᠢ ᠬᠡᠮᠡᠬᠦ ᠢᠨᠤ ᠴᠣᠬᠣᠮ ᠬᠥ ᠲᠤᠰᠠ ᠵᠦᠢ ᠲᠡᠢ ᠮᠥᠨ ᠪᠣᠢ ᠊ᠶ ᠠ᠋ ᠃ —ᠪᠦᠬᠡᠭᠡᠰᠢᠭ᠋ ( ᠢᠷᠭᠡᠨ ᠤᠯᠤᠰ )
3 ᠪᠠᠲᠤ ᠵᠣᠷᠢᠭ ᠂ ᠪᠠᠭᠠᠲᠤᠷ ᠰᠦᠯᠳᠡ ᠪᠠᠭᠤᠷᠠᠢ ᠮᠣᠩᠭᠣᠯ ᠊ᠢ ᠪᠠᠲᠤᠳᠬᠠᠨ ᠴᠢᠳᠠᠮᠤᠢ ᠂ ᠪᠠᠭᠰᠢ ᠱᠠᠪᠢᠨᠠᠷ ᠂ᠪᠠᠭᠠᠴᠤᠳ ᠨᠥᠬᠥᠳ ᠪᠠᠭᠠᠲᠤᠷᠯᠠᠨ ᠪᠣᠰᠴᠤ ᠬᠦᠴᠦᠯᠡᠵᠡᠭᠡᠶᠡ ᠃ — ᠰᠠᠶ᠋ᠢᠴᠤᠩᠭᠠ ( ᠢᠷᠭᠡᠨ ᠤᠯᠤᠰ )
4 ᠣᠭᠰᠣᠶ᠋ᠢᠬᠤ ᠵᠡᠷᠭᠡ ᠶ᠋ᠢ ᠤᠯᠠ ᠪᠠᠷ ᠳᠡᠪᠰᠡᠭᠡᠳ ᠣᠪᠣᠭᠠᠯᠠᠬᠤ ᠠᠰᠢᠭ ᠊ᠢ ᠬᠥᠯ ᠢ᠋ᠶ᠋ᠡᠷ ᠢᠰᠬᠦᠯᠵᠦ ᠣᠨᠴᠠ ᠦᠨᠡᠨ ᠨᠥᠬᠥᠷ ᠪᠣᠯᠭᠠᠨ ᠣᠯᠠᠨ ᠲᠤᠭᠤᠷᠭᠠᠲᠠᠨ ᠢ᠋ᠶ᠋ᠠᠨ ᠲᠡᠳᠬᠦᠨ ᠪᠤᠰᠬᠠᠨ᠎ᠠ ᠳᠠ ᠃ — ᠰᠠᠶ᠋ᠢᠴᠤᠩᠭᠠ (ᠮᠣᠩᠭᠣᠯ ᠤᠯᠤᠰ )
5 ᠬᠠᠶ᠋ᠢᠷ᠎ᠠ ᠶ᠋ᠢᠨ ᠵᠣᠪᠠᠯᠠᠩ ᠰᠠᠢᠬᠠᠨ ᠪᠠᠶ᠋ᠢᠳᠠᠭ ᠬᠠᠶ᠋ᠢᠷᠠᠲᠠᠢ ᠪᠣᠯᠬᠣᠷ ᠳᠤᠷᠠᠲᠠᠢ ᠵᠣᠪᠠᠳᠠᠭ
ᠴᠢᠮ᠎ᠠ ᠳ᠋ᠤ᠌ ᠬᠠᠶ᠋ᠢᠷᠠᠲᠠᠢ ᠵᠢᠷᠭᠠᠵᠤ ᠶᠠᠪᠤᠬᠤ ᠳ᠋ᠠᠭᠠᠨ ᠴᠠᠭ ᠢᠮᠠᠭᠲᠠ ᠵᠣᠪᠠᠬᠤ ᠳᠤᠷᠠᠲᠠᠢ ᠶᠤᠮ ᠠ᠋ ᠪᠢ ᠂ ᠥᠪᠥᠷ ᠮᠣᠩᠭᠣᠯ ᠮᠢᠨᠢ — ᠠᠷᠲᠠᠢ ( ᠥᠪᠥᠷ ᠮᠣᠩᠭᠣᠯ )
6 ᠡᠷ᠎ᠡ ᠬᠥᠮᠦᠨ ᠵᠣᠷᠢᠭ ᠲᠠᠢ ᠪᠠᠶ᠋ᠢᠪᠠᠯ ᠡᠷᠬᠢᠮ ᠂ ᠡᠬᠡ ᠣᠷᠣᠨ ᠳ᠋ᠠᠭᠠᠨ ᠰᠢᠳᠤᠷᠭᠤ ᠦᠨᠡᠨᠴᠢ ᠪᠠᠶ᠋ᠢᠪᠠᠯ ᠨᠡᠩ ᠰᠠᠢᠬᠠᠨ ᠃ — ᠪ · ᠷᠢᠨᠴᠢᠨ ( ᠮᠣᠩᠭᠣᠯ ᠤᠯᠤᠰ )
7 ᠡᠴᠢᠭᠡ ᠨᠢ ᠦᠭᠡᠢ ᠬᠡᠦᠬᠡᠳ ᠡᠬᠡ ᠡᠴᠡ ᠲᠥᠷᠥᠬᠦ ᠶᠣᠰᠣᠨ ᠪᠠᠶ᠋ᠢᠪᠠᠴᠤ ᠨᠤᠲᠤᠭ ᠨᠢ ᠦᠭᠡᠢ ᠬᠥᠮᠦᠨ ᠬᠣᠷᠸ᠋᠎ᠠ ᠳ᠋ᠤ᠌ ᠪᠠᠶ᠋ᠢᠲᠠᠭ ᠤᠴᠢᠷ ᠦᠭᠡᠢ ᠃ — ᠷ ᠂ ᠴᠤᠶ᠋ᠢᠨᠤᠮ (ᠮᠣᠩᠭᠣᠯ ᠤᠯᠤᠰ )
8 ᠳᠡᠭᠡᠷ᠎ᠡ ᠪᠡᠨ ᠪᠢᠳᠡ ᠨᠢᠭᠡ ᠨᠠᠷᠠ ᠲᠠᠢ
ᠳᠤᠮᠳᠠ ᠪᠠᠨ ᠪᠢᠳᠡ ᠭᠠᠭᠴᠠᠬᠠᠨ ᠳᠡᠯᠡᠬᠡᠢ ᠲᠡᠢ
ᠬᠣᠶᠠᠷ ᠭᠠᠭᠴᠠ ᠶ᠋ᠢᠨ ᠳᠤᠮᠳᠠ
ᠪᠢᠳᠡ ᠣᠯᠠᠭᠤᠯᠠ ᠪᠠᠨ ᠁ ᠁ — ᠤ᠋ · ᡀᠠᠬᠠᠪᠠᠰᠦ᠋ᠷᠦᠩ( ᠮᠣᠩᠭᠣᠯ ᠤᠯᠤᠰ )
9 ᠴᠡᠯ ᠵᠠᠯᠠᠭᠤ ᠨᠠᠰᠤᠨ ᠤ᠋ ᠪᠠᠨ ᠭᠠᠯ ᠳᠥᠯᠥ ᠪᠡᠷ ᠪᠠᠳᠠᠷᠠᠵᠤ ᠰᠡᠳᠬᠢᠯ ᠵᠢᠷᠦᠬᠡ ᠬᠣᠶᠠᠷ ᠲᠠᠭᠠᠨ ᠰᠢᠳᠡᠵᠦ ᠶᠠᠪᠤᠬᠤ ᠦᠶ᠎ᠡ ᠳ᠋ᠡᠭᠡᠨ
ᠴᠢᠩ ᠦᠨᠡᠨᠴᠢ ᠠᠮᠠᠷᠠᠭ ᠲᠠᠭᠠᠨ ᠴᠤ᠌ ᠬᠡᠯᠡᠵᠦ ᠦᠵᠡᠭᠡ ᠦᠭᠡᠢ ᠮᠥᠷᠲᠡᠯ᠎ᠡ ᠪᠡᠨ
ᠴᠢᠨᠦ ᠲᠥᠯᠥᠭᠡ ᠦᠬᠦᠨ᠎ᠡ ᠭᠡᠵᠦ ᠡᠬᠡ ᠣᠷᠣᠨ ᠳ᠋ᠠᠭᠠᠨ ᠪᠢ ᠬᠡᠯᠡᠳᠡᠭ ᠃ — ᠴ · ᠴᠠᠲᠠᠨᠲᠤᠷᠵᠢ ( ᠮᠣᠩᠭᠣᠯ ᠤᠯᠤᠰ )
ᠲᠠᠶ᠋ᠢᠰᠤᠨ ᠠ᠋ᠴᠠ ᠴᠢᠮᠠᠶ᠋ᠢ ᠬᠠᠮᠠᠭᠠᠯᠠᠭᠰᠠᠭᠠᠷ ᠦᠬᠦᠬᠦ ᠰᠡᠳᠬᠢᠯ ᠨᠠᠳᠠᠳᠤ ᠳᠤᠲᠠᠬᠤ ᠦᠭᠡᠢ
ᠳᠠᠬᠢᠭᠠᠳ ᠴᠢᠨᠦ ᠲᠥᠯᠥᠭᠡ ᠦᠬᠦᠬᠦ ᠬᠣᠶᠠᠳᠠᠬᠢ ᠠᠮᠢ ᠳᠤᠲᠠᠨ᠎ᠠ ᠃ — ᠳ᠋ ᠂ ᠴᠤᠤᠲᠠᠯ (ᠮᠣᠩᠭᠣᠯ ᠤᠯᠤᠰ )
ᠦᠰᠦᠭ ᠠᠮᠢᠯᠠᠭᠤᠯᠤᠭᠴᠢ ᠄ ᠬᠠᠰᠬᠤᠶᠠᠭᠲᠤ
ᠬᠢᠨᠠᠭᠴᠢ ᠄ ᠣᠤᠠᠬᠠᠨᠰᠣ ᠠ᠋ ᠂ ᠰᠡᠬᠡᠭᠡᠷᠡᠯ ᠂ ᠪᠠᠯᠵᠢ
