ᠤᠬᠠᠭᠠᠷᠠᠵᠤ ᠠᠮᠢᠳᠤᠷᠠᠬᠤ ᠬᠣᠷᠸ᠎ᠠ - ᠨ ᠲᠡᠮᠦᠷᠬᠤᠶᠠᠭУхаарч амьдрах хорвоо - дуучин Н. Төмөрхуяг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠬᠠᠭᠠᠷᠠᠵᠤ ᠠᠮᠢᠳᠤᠷᠠᠬᠤ ᠬᠣᠷᠸ᠎ᠠ - ᠨ ᠲᠡᠮᠦᠷᠬᠤᠶᠠᠭУхаарч амьдрах хорвоо - дуучин Н. Төмөрхуяг

ᠤᠬᠠᠭᠠᠷᠠᠵᠤ ᠠᠮᠢᠳᠤᠷᠠᠬᠤ ᠬᠣᠷᠸ᠎ᠠ - ᠨ ᠲᠡᠮᠦᠷᠬᠤᠶᠠᠭУхаарч амьдрах хорвоо - дуучин Н. Төмөрхуяг

ᠠᠩᠭᠢᠯᠠᠯ:ᠳᠠᠭᠤᠤ ᠬᠥᠭᠵᠢᠮ
2023-03-31

1238

ᠤᠬᠠᠭᠠᠷᠠᠵᠤ ᠠᠮᠢᠳᠤᠷᠠᠬᠤ ᠬᠣᠷᠸ᠎ᠠ


        ᠦᠭᠡ᠄ ᠯ· ᠳᠠᠭᠸᠠᠳᠣᠷᠵᠢ 
        ᠠᠶ᠎ᠠ᠄ ᠯ· ᠳ᠋ᠠᠰᠢᠨᠢᠮ᠎ᠠ 
        ᠳᠠᠭᠤᠴᠢᠨ᠄ ᠨ· ᠳᠡᠮᠦᠷᠬᠣᠶᠠᠭ 

ᠪᠠᠭᠤᠵᠤ ᠮᠣᠷᠳᠠᠬᠤ ᠳ᠋ᠠᠭᠠᠨ ᠪᠤᠭᠤᠷᠤᠯ ᠠᠪᠤ ᠮᠢᠨᠢ 
ᠢᠨᠢᠶᠡᠵᠦ ᠶᠠᠪᠤᠳᠠᠭ ᠤ᠋ᠨ ᠤᠴᠢᠷ ᠢ᠋ ᠬᠡᠯᠡᠶ᠎ᠡ ᠳ᠋ᠠ 
ᠳᠠᠭᠤᠯᠠᠵᠤ ᠰᠠᠭᠤᠬᠤ ᠳ᠋ᠠᠭᠠᠨ ᠪᠤᠶᠠᠨ ᠲᠠᠢ ᠡᠵᠢ ᠮᠢᠨᠢ 
ᠤᠬᠢᠯᠠᠵᠤ ᠪᠠᠢᠳᠠᠭ ᠤ᠋ᠨ ᠤᠬᠠᠭᠠᠨ ᠢ᠋ ᠣᠯᠤᠶ᠎ᠠ ᠳ᠋ᠠ 
ᠤᠬᠠᠭᠠᠷᠠᠵᠤ ᠠᠮᠢᠳᠤᠷᠠᠬᠤ ᠬᠣᠷᠸ᠎ᠠ ᠭᠡᠳ 
ᠦᠷ᠎ᠡ ᠴᠢᠮ᠎ᠠ ᠳ᠋ᠠᠭᠠᠨ ᠬᠡᠯᠡᠭᠡᠳ ᠪᠠᠢᠭ᠎ᠠ ᠶᠤᠮ ᠰᠢᠦ ᠳ᠋ᠠ 

ᠬᠥᠯ ᠬᠦᠨᠳᠦ ᠲᠡᠢ ᠪᠦᠰᠡᠭᠦᠢ ᠶ᠋ᠢᠨ ᠡᠮᠦᠨᠡᠭᠦᠷ
ᠬᠥᠨᠳᠡᠯᠡᠨ ᠭᠠᠷᠳᠠᠭ ᠦᠭᠡᠢ ᠶ᠋ᠢᠨ ᠦᠢᠯᠡ ᠶ᠋ᠢ ᠠᠰᠠᠭᠤ ᠳ᠋ᠠ
ᠨᠠᠰᠤᠲᠠᠢ ᠬᠥᠮᠦᠨ ᠦ᠌ ᠲᠣᠬᠣᠢ ᠶ᠋ᠢ ᠡᠷᠭᠦᠭᠡᠳ
ᠮᠠᠨᠳᠤᠯᠠᠨ ᠵᠣᠯᠭᠠᠳᠠᠭ ᠤ᠋ᠨ ᠤᠴᠢᠷ ᠢ᠋ ᠮᠡᠳᠡᠳᠡᠭ
ᠤᠬᠠᠭᠠᠷᠠᠵᠤ ᠠᠮᠢᠳᠤᠷᠠᠬᠤ ᠬᠣᠷᠸ᠎ᠠ ᠭᠡᠳ
ᠦᠷ᠎ᠡ ᠴᠢᠮ᠎ᠠ ᠳ᠋ᠠᠭᠠᠨ ᠬᠡᠯᠡᠭᠡᠳ ᠪᠠᠢᠭ᠎ᠠ ᠶᠤᠮ ᠰᠢᠦ ᠳ᠋ᠠ

ᠥᠷᠥᠭᠡᠯ ᠢ᠋ ᠵᠢᠷᠭᠠᠭᠠᠵᠤ ᠳᠠᠭᠤᠯᠠᠵᠤ ᠶᠠᠪᠤᠬᠤ ᠳ᠋ᠤ᠌
ᠥᠪᠡᠷ ᠢ᠋ᠶ᠋ᠡᠨ ᠵᠢᠷᠭᠠᠳᠠᠭ ᠰᠡᠳᠬᠢᠯ ᠢ᠋ ᠲᠠᠨᠢᠳᠠᠭ
ᠥᠭᠡᠳᠡ ᠨᠢ ᠤᠷᠢᠬᠤ ᠳ᠋ᠠᠭᠠᠨ ᠰᠡᠳᠬᠢᠯ ᠢ᠋ ᠲᠠᠨᠢᠭᠠᠳ
ᠰᠦ᠋ ᠪᠡᠨ ᠡᠷᠭᠦᠳᠡᠭ ᠦ᠋ᠨ ᠤᠴᠢᠷ ᠢ᠋ ᠮᠡᠳᠡᠳᠡᠭ
ᠤᠬᠠᠭᠠᠷᠠᠵᠤ ᠠᠮᠢᠳᠤᠷᠠᠬᠤ ᠬᠣᠷᠸ᠎ᠠ ᠭᠡᠳ
ᠦᠷ᠎ᠡ ᠴᠢᠮ᠎ᠠ ᠳ᠋ᠠᠭᠠᠨ ᠬᠡᠯᠡᠭᠡᠳ ᠪᠠᠢᠭ᠎ᠠ ᠶᠤᠮ ᠰᠢᠦ ᠳ᠋ᠠ

ᠤᠬᠠᠭᠠᠷᠠᠵᠤ ᠠᠮᠢᠳᠤᠷᠠᠬᠤ ᠬᠣᠷᠸ᠎ᠠ ᠭᠡᠳ
ᠦᠷ᠎ᠡ ᠴᠢᠮ᠎ᠠ ᠳ᠋ᠠᠭᠠᠨ ᠬᠡᠯᠡᠭᠡᠳ ᠪᠠᠢᠭ᠎ᠠ ᠶᠤᠮ ᠰᠢᠦ ᠳ᠋ᠠ

     ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
     ᠬᠢᠨᠠᠭᠴᠢ᠄ ᠭᠦᠩᠭᠠᠷ