ᠠᠳᠤᠭᠤ- ᠫ ᠪᠠᠲᠠᠷᠴᠢАдуу-п · бадарч ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠳᠤᠭᠤ- ᠫ ᠪᠠᠲᠠᠷᠴᠢАдуу-п · бадарч

ᠠᠳᠤᠭᠤ- ᠫ ᠪᠠᠲᠠᠷᠴᠢАдуу-п · бадарч

2023-03-31

403

ᠠᠳᠤᠭᠤ

   ᠫ · ᠪᠠᠲᠠᠷᠴᠢ

ᠠᠳᠤᠭᠤ — ᠲᠠᠪᠤᠨ ᠬᠣᠰᠢᠭᠤ ᠮᠠᠯ ᠤ᠋ᠨ ᠮᠢᠨᠢ ᠨᠢᠭᠡ

ᠠᠳᠤᠭᠤ — ᠲᠠᠪᠤᠨ ᠠᠮᠢᠳᠤ ᠡᠷᠳᠡᠨᠢ ᠶ᠋ᠢᠨ ᠮᠢᠨᠢ ᠨᠢᠭᠡ

ᠠᠳᠤᠭᠤ — ᠲᠠᠬᠢᠯ ᠰᠦᠯᠳᠡ ᠳ᠋ᠦ᠍ ᠮᠢᠨᠢ ᠡᠵᠡᠨ ᠲᠡᠢ ᠪᠡᠨ ᠪᠣᠢ

ᠠᠳᠤᠭᠤ — ᠲᠠᠯ᠎ᠠ ᠂ ᠬᠠᠩᠭᠠᠢ ᠂ ᠭᠣᠪᠢ ᠭᠤᠷᠪᠠᠨ ᠨᠤᠲᠤᠭ ᠲᠤ᠌ ᠮᠢᠨᠢ ᠪᠣᠢ

ᠬᠣᠨᠢ ᠦᠬᠡᠷ ᠦ᠋ᠨ ᠪᠡᠯᠴᠢᠭᠡᠷ ᠳᠠᠬᠠᠴᠢᠵᠤ ᠣᠶ᠋ᠢᠷ᠎ᠠ ᠡᠷᠭᠢᠯᠳᠦᠬᠦ ᠦᠭᠡᠢ

ᠬᠣᠯᠠ ᠰᠡᠷᠮᠡᠭᠦᠨ ᠬᠡᠭᠡᠷ᠎ᠡ ᠳ᠋ᠦ᠍ ᠦᠰᠦ ᠨᠢ ᠣᠩᠭᠣᠯᠠᠵᠤ ᠠᠲᠠᠷᠯᠠᠨ

ᠬᠣᠨᠣᠭ ᠤ᠋ᠨ ᠰᠥᠨᠢ ᠳ᠋ᠡᠭᠡᠨ ᠪᠣᠰᠤᠭ᠎ᠠ ᠵᠡᠭᠦᠷᠮᠡᠭᠯᠡᠨ ᠰᠡᠷᠡᠬᠦ

ᠬᠣᠷᠸ᠋᠎ᠠ ᠶ᠋ᠢᠨ ᠰᠡᠷᠭᠦᠯᠡᠩ ᠠᠮᠢᠲᠠᠨ ᠠᠳᠤᠭᠤ ᠰᠠᠢᠬᠠᠨ

ᠠᠷᠢᠭᠤᠨ ᠱᠠᠷᠢᠯ ᠊ᠢ ᠨᠢ ᠠᠲᠠᠭᠠᠲᠠᠨ ᠳ᠋ᠤ᠌ ᠬᠥᠨᠳᠡᠭᠦᠯᠬᠦ ᠦᠭᠡᠢ ᠭᠡᠬᠦ ᠳ᠋ᠡᠭᠡᠨ

ᠠᠷᠠᠳ ᠲᠦᠮᠡᠨ ᠠᠷᠭ᠎ᠠ ᠪᠢᠯᠢᠭ ᠰᠡᠶ᠋ᠢᠯᠦᠨ

ᠠᠬᠠᠰ ᠳᠡᠭᠡᠳᠦᠰ ᠢ᠋ᠶ᠋ᠡᠨ ᠣᠩᠭᠣᠯᠠᠭᠰᠠᠨ ᠭᠠᠵᠠᠷ ᠤ᠋ᠨ ᠳᠡᠭᠡᠭᠦᠷ

ᠠᠳᠤᠭᠤ ᠪᠠᠨ ᠯᠠ ᠬᠤᠷᠢᠶᠠᠵᠤ ᠲᠤᠭᠤᠷᠠᠢ ᠶ᠋ᠢᠨ ᠮᠥᠷ ᠢ᠋ᠶ᠋ᠡᠷ ᠨᠢ ᠨᠢᠭᠤᠭᠰᠠᠨ ᠭᠡᠳᠡᠭ

ᠠᠶᠤᠯᠲᠤ ᠮᠠᠩᠭᠤᠰ ᠊ᠢ ᠳᠠᠷᠤᠬᠤ ᠦᠯᠢᠭᠡᠷ ᠲᠦ᠍ ᠪᠠᠶ᠋ᠢᠮ᠎ᠠ ᠦᠭᠡᠢ ᠳᠠᠶ᠋ᠢᠨ ᠳ᠋ᠤ᠌

ᠠᠬ᠎ᠠ ᠨᠠᠷ ᠊ᠢ ᠪᠡᠨ ᠬᠥᠮᠦᠨ — ᠰᠤᠮᠤ ᠪᠣᠯᠵᠤ ᠲᠤᠯᠤᠯᠳᠤᠬᠤ ᠳ᠋ᠤ᠌

ᠠᠯᠢ ᠨᠢ ᠥᠭᠡᠳᠡ ᠲᠡᠢ ᠥᠩᠭᠡ ᠲᠡᠢ ᠪᠡᠨ ᠲᠡᠮᠲᠡᠷᠢᠵᠦ ᠰᠠᠷᠪᠠᠶ᠋ᠢᠬᠤ ᠴᠠᠭ ᠲᠠᠭᠠᠨ

ᠠᠳᠤᠭᠤ ᠪᠠᠨ ᠯᠠ ᠬᠤᠷᠢᠶᠠᠭᠰᠠᠨ ᠮᠢᠨᠢ ᠮᠣᠩᠭᠣᠯ ᠤ᠋ᠨ ᠪᠡᠯᠭᠡ ᠶ᠋ᠢᠨ ᠳᠡᠭᠡᠳᠦ ᠠ᠋ ᠃

ᠵᠡᠭᠡᠷᠭᠡᠨ᠎ᠡ ᠪᠤᠲᠠᠷᠭᠠᠨ᠎ᠠ ᠴᠤ᠌ ᠴᠡᠴᠡᠭ ᠳᠡᠯᠭᠡᠷᠡᠮ᠎ᠡ ᠵᠤᠨ ᠤ᠋ ᠰᠠᠷ᠎ᠠ ᠳ᠋ᠠᠭᠠᠨ

ᠵᠡᠭᠡᠭᠯᠡᠨ ᠢᠷᠠᠭᠰᠠᠨ ᠬᠤᠨ ᠭᠠᠯᠠᠭᠤᠨ ᠤ᠋ ᠳᠠᠭᠤᠨ ᠳᠣᠣᠷ᠎ᠠ

ᠵᠡᠯ᠎ᠡ ᠴᠢᠭᠲᠠᠨ ᠳ᠋ᠤ᠌ ᠴᠠᠬᠤᠯᠠᠵᠤ ᠣᠮᠣᠭᠲᠠᠨ ᠴᠢᠷᠠᠯᠠᠬᠤ

ᠵᠡᠭᠡᠷ᠎ᠡ ᠶ᠋ᠢᠨ ᠬᠥᠯᠲᠦ ᠤᠨᠠᠭ᠎ᠠ ᠨᠤᠭᠤᠳ ᠨᠢ ᠴᠦ᠍ ᠶᠢᠷᠲᠢᠨᠴᠦ ᠶ᠋ᠢᠨ ᠨᠢᠭᠡ ᠬᠥᠭᠡᠷᠦᠬᠦᠨ

ᠴᠢᠨᠣ᠎ᠠ ᠶ᠋ᠢᠨ ᠬᠣᠶᠠᠷ ᠴᠢᠬᠢ ᠶ᠋ᠢ ᠨᠢ ᠰᠣᠯᠪᠢᠯᠵᠠᠭᠤᠯᠤᠩᠬᠠᠨ

ᠴᠣᠮᠪᠣᠩ ᠳᠥᠷᠪᠡᠨ ᠲᠤᠭᠤᠷᠠᠢ ᠶ᠋ᠢ ᠨᠢ ᠲᠠᠴᠢᠭᠢᠨᠠᠭᠤᠯᠤᠩᠬᠠᠨ

ᠴᠣᠷᠣᠯᠵᠠᠬᠤ ᠳᠡᠯ ᠰᠢᠭ ᠬᠥᠬᠥᠯ ᠊ᠢ ᠨᠢ ᠰᠣᠭᠰᠣᠯᠵᠠᠭᠤᠯᠤᠩᠬᠠᠨ

ᠴᠣᠪᠣᠭᠣ ᠰᠡᠷᠭᠦᠯᠡᠩ ᠰᠦᠷᠦᠭ ᠢ᠋ᠶ᠋ᠡᠨ ᠬᠤᠷᠢᠶᠠᠵᠤ ᠢᠷᠡᠬᠦ ᠴᠦ᠍ ᠪᠠᠬᠠᠲᠠᠢ

ᠰᠢᠷᠬᠡᠭ ᠪᠦᠷᠢ ᠨᠢ ᠡᠷᠳᠡᠨᠢ ᠠᠳᠤᠭᠤ ᠪᠠᠨ ᠭᠡᠯᠢᠴᠢᠬᠡᠭᠡᠳ

ᠰᠢᠷᠢᠬᠢ ᠵᠦᠯᠭᠡᠨ ᠳᠡᠭᠡᠷ᠎ᠡ ᠮᠣᠷᠢ ᠶᠠᠷᠢᠯᠴᠠᠵᠤ ᠰᠠᠭᠤᠬᠤ ᠳ᠋ᠤ᠌

ᠰᠢᠨᠡᠬᠡᠨ ᠶᠡᠭᠦᠯᠡᠭᠰᠡᠨ ᠬᠦᠯᠦᠭ ᠠᠮᠠᠭᠠᠢ ᠬᠡᠮᠡᠯᠢᠨ ᠰᠢᠯᠭᠡᠭᠡᠬᠦᠢ

ᠰᠢᠷᠢᠨ ᠭᠥᠯᠢᠮ ᠳᠡᠭᠡᠷ᠎ᠡ ᠬᠥᠬᠡ ᠳᠥᠷᠥᠭᠡ ᠬᠠᠩ ᠬᠠᠩ ᠬᠢᠬᠦ ᠨᠢ ᠳᠠᠭᠤᠳᠠᠯᠭ᠎ᠠ

ᠲᠣᠷᠭᠠᠨ ᠳᠡᠯᠪᠡᠭᠡᠲᠤ ᠴᠡᠴᠡᠭ ᠊ᠢ ᠭᠢᠰᠬᠢᠯ᠎ᠡ ᠴᠦ᠍ ᠬᠤᠭᠤᠯᠳᠠᠭ ᠦᠭᠡᠢ

ᠲᠣᠭᠣᠰ ᠤ᠋ᠨ ᠬᠢ ᠮᠡᠲᠦ ᠰᠡᠭᠦᠯ ᠰᠠᠮᠪᠠᠶ᠋ᠢᠯᠠᠵᠤ ᠪᠡᠯᠴᠢᠬᠦ ᠠᠳᠤᠭᠤᠨ ᠳ᠋ᠤ᠌ ᠮᠢᠨᠢ

ᠲᠣᠳᠣ ᠮᠠᠩᠨᠠᠢ ᠲᠣᠷᠭᠠᠨ ᠵᠢᠯᠣᠭᠣ ᠴᠤ᠌ ᠣᠯᠠᠨ ᠪᠣᠢ

ᠲᠣᠬᠣᠮ ᠡᠮᠡᠭᠡᠯ ᠦᠭᠡᠢ ᠰᠤᠯᠠ ᠳ᠋ᠠᠭᠠᠨ ᠵᠢᠷᠣᠭ᠎ᠠ ᠴᠤ᠌ ᠪᠡᠯᠡᠨ ᠪᠣᠢ

ᠦᠷ᠎ᠡ ᠪᠡᠨ ᠬᠠᠷᠠᠭᠠᠳ ᠢᠪᠢᠯᠬᠦ ᠤᠭᠤᠷᠠᠭ ᠰᠦ ᠨᠢ ᠬᠥᠬᠦᠦᠷ ᠲᠦ᠍

ᠦᠰᠦᠴᠢᠨ ᠱᠤᠤᠭᠢᠵᠤ ᠢᠰᠤᠬᠦ ᠳ᠋ᠡᠭᠡᠨ ᠥᠷᠥᠨ᠎ᠡ ᠶ᠋ᠢᠨ ᠳᠡᠷᠡᠰᠦᠨ ᠡᠴᠡ ᠬᠠᠲᠠᠭᠤ ᠴᠤ᠌

ᠦᠷᠡᠰ ᠭᠠᠷᠭᠠᠬᠤ ᠨᠠᠶ᠋ᠢᠷ ᠤ᠋ᠨ ᠬᠢᠨ ᠣᠶ᠋ᠢᠮᠡᠵᠤ ᠰᠣᠭᠲᠣᠭᠤᠷᠠᠬᠤ ᠨᠢ ᠦᠭᠡᠢ

ᠦᠨᠡᠬᠡᠷ ᠪᠤᠶᠠᠨᠲᠤ ᠠᠳᠤᠭᠤᠨ ᠤ᠋ ᠰᠢᠮ᠎ᠡ ᠠᠶ᠋ᠢᠷᠠᠭ ᠴᠠᠭᠠᠨ

ᠠᠷᠢᠭᠤᠨ ᠲᠤᠩᠭᠠᠯᠠᠭ ᠤᠰᠤᠨ ᠤ᠋ ᠦᠨᠦᠷ ᠠᠪᠤᠭᠰᠠᠨ ᠠᠳᠤᠭᠤ ᠪᠠᠨ

ᠠᠷᠤ ᠠ᠋ᠴᠠ ᠨᠢ ᠪᠠᠷᠠᠳᠠᠰᠬᠢᠨ ᠣᠪᠣᠭᠠᠨ ᠳᠡᠭᠡᠷ᠎ᠡ ᠡᠴᠡ ᠠᠵᠢᠬᠤᠢ

ᠴᠠᠭᠠᠱᠢ ᠪᠠᠨ ᠴᠤᠪᠤᠬᠤ ᠠᠵᠢᠷᠭ᠎ᠠ ᠠᠵᠢᠷᠭ᠎ᠠ ᠪᠠᠷ ᠠᠳᠤᠭᠤ ᠮᠢᠨᠢ

ᠬᠠᠭᠤᠴᠢᠨ ᠮᠣᠩᠭᠣᠯ ᠪᠢᠴᠢᠭ ᠢ᠋ᠶ᠋ᠡᠷ ᠲᠠᠲᠠᠯᠠᠭᠰᠠᠨ ᠰᠢᠯᠦᠭ ᠯᠡ ᠭᠡᠯᠲᠡᠢ

ᠬᠣᠰᠢᠭᠤ ᠨᠤᠲᠤᠭ ᠠᠯᠭᠠᠰᠠᠵᠤ ᠢᠵᠢᠯᠢ ᠳ᠋ᠡᠭᠡᠨ ᠭᠦᠶᠦᠭᠰᠡᠨ ᠨᠢ ᠳᠣᠮᠣᠭ

ᠬᠤᠷ ᠳᠡᠯ ᠢ᠋ᠶ᠋ᠡᠨ ᠨᠠᠮᠢᠷᠠᠭᠤᠯᠵᠤ ᠢᠵᠢᠯᠢ ᠪᠡᠨ ᠦᠦᠷᠰᠡᠬᠦ ᠨᠢ ᠤᠶᠠᠩᠭ᠎ᠠ

ᠬᠤᠪᠢᠰᠬᠠᠯ ᠭᠢᠯᠴᠡᠭᠰᠡᠨ ᠤᠨᠤᠭ᠎ᠠ ᠡᠨᠡ ᠠᠳᠤᠭᠤᠨ ᠰᠦᠷᠦᠭ

ᠬᠠᠤᠯᠢ ᠨᠣᠮ ᠳ᠋ᠤ᠌ ᠳᠠᠷᠬᠠᠯᠠᠮ᠎ᠠ ᠠᠮᠢᠲᠠᠨ ᠤ᠋ ᠨᠢᠭᠡᠨ ᠰᠤᠷ

ᠠᠳᠤᠭᠤ ᠰᠢᠭ᠋ ᠢ᠋ᠶ᠋ᠡᠨ ᠲᠦᠷᠭᠡᠨ ᠤᠨᠲᠠᠵᠤ ᠰᠢᠪᠠᠭᠤ ᠰᠢᠭ᠋ ᠰᠡᠷᠡᠵᠦ

ᠠᠬᠤᠢ ᠮᠣᠩᠭᠣᠯ ᠨᠤᠲᠤᠭ ᠢ᠋ᠶ᠋ᠠᠨ ᠡᠵᠡᠨ ᠪᠢᠳᠡ ᠬᠠᠶ᠋ᠢᠷᠠᠯᠠᠨᠠᠮ ᠃

ᠠᠭᠲᠠ ᠮᠣᠷᠢᠳ ᠤ᠋ᠨ ᠦᠦᠷᠰᠡᠬᠦ ᠳ᠋ᠦ᠍ ᠬᠤᠭᠤᠷ ᠮᠢᠨᠢ ᠬᠥᠭᠯᠡᠭᠲᠡᠵᠤ

ᠠᠷᠪᠠᠨ ᠬᠤᠷᠤᠭᠤᠨ ᠳ᠋ᠤ᠌ ᠮᠢᠨᠢ ᠠᠳᠤᠭᠤ ᠰᠢᠭ᠋ ᠦᠦᠷᠰᠡᠨᠡᠮ

ᠠᠳᠤᠭᠤ — ᠲᠠᠪᠤᠨ ᠬᠣᠰᠢᠭᠤ ᠮᠠᠯ ᠤ᠋ᠨ ᠨᠢᠭᠡ

ᠠᠳᠤᠭᠤ — ᠲᠠᠪᠤᠨ ᠠᠮᠢᠳᠤ ᠡᠷᠳᠡᠨᠢ ᠶ᠋ᠢᠨ ᠨᠢᠭᠡ

ᠠᠳᠤᠭᠤ — ᠲᠠᠬᠢᠯ ᠰᠦᠯᠳᠡ ᠳ᠋ᠦ᠍ ᠮᠢᠨᠢ ᠡᠵᠡᠨ ᠲᠡᠢ ᠪᠡᠨ ᠪᠣᠢ

ᠠᠳᠤᠭᠤ — ᠲᠠᠯ᠎ᠠ ᠂ ᠬᠠᠩᠭᠠᠢ ᠂ ᠭᠣᠪᠢ ᠨᠤᠲᠤᠭ ᠲᠤ᠌ ᠮᠢᠨᠢ ᠳᠦᠭᠦᠷᠬᠦ ᠪᠣᠯᠲᠤᠭᠠᠢ !

 

  ᠦᠰᠦᠭ ᠠᠮᠢᠯᠠᠭᠤᠯᠤᠭᠴᠢ ᠄ ᠰᠠᠶ᠋ᠢᠵᠢᠷᠠᠬᠤ

  ᠬᠢᠨᠠᠭᠴᠢ ᠪᠠᠭᠰᠢ ᠄ ᠭᠠᠷᠮ᠎ᠠ ᠂ ᠰᠡᠬᠡᠭᠡᠷᠡᠯ

      2023/03/30