ᠠᠳᠤᠭᠤ ᠮᠠᠨᠠᠭᠰᠠᠨ ᠰᠥᠨᠢ -ᠯ· ᠨᠠᠷᠠᠨᠲᠤᠶᠠᠭ᠎ᠠ ADUU MANASAN SHUNU-L.NarantuyaaАдуу манасан шөнө-Л.Нарантуяа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠳᠤᠭᠤ ᠮᠠᠨᠠᠭᠰᠠᠨ ᠰᠥᠨᠢ -ᠯ· ᠨᠠᠷᠠᠨᠲᠤᠶᠠᠭ᠎ᠠ ADUU MANASAN SHUNU-L.NarantuyaaАдуу манасан шөнө-Л.Нарантуяа

ᠠᠳᠤᠭᠤ ᠮᠠᠨᠠᠭᠰᠠᠨ ᠰᠥᠨᠢ -ᠯ· ᠨᠠᠷᠠᠨᠲᠤᠶᠠᠭ᠎ᠠ ADUU MANASAN SHUNU-L.NarantuyaaАдуу манасан шөнө-Л.Нарантуяа

ᠠᠩᠭᠢᠯᠠᠯ:ᠳᠠᠭᠤᠤ ᠬᠥᠭᠵᠢᠮ
2023-03-31

321

ᠠᠳᠤᠭᠤ ᠮᠠᠨᠠᠭᠰᠠᠨ ᠰᠥᠨᠢ


       ᠦᠭᠡ᠄ ᠪ· ᠪᠣᠯᠣᠷᠴᠡᠷᠡᠨ 
       ᠠᠶ᠎ᠠ᠄ ᠪ· ᠫᠦᠷᠪᠦᠰᠥ᠋ᠷᠦᠩ 
       ᠳᠠᠭᠤᠴᠢᠨ᠄ ᠯ· ᠨᠠᠷᠠᠨᠲᠤᠶᠠᠭ᠎ᠠ 

ᠠᠢᠷᠠᠭ ᠳᠡᠮᠪᠡᠭᠡ ᠨᠠᠮᠤᠷ ᠤ᠋ᠨ ᠰᠠᠷ᠎ᠠ ᠳ᠋ᠤ᠌ ᠪᠠᠨ 
ᠠᠢᠯ ᠳ᠋ᠤ᠌ ᠪᠠᠭᠤᠳᠠᠯᠯᠠᠭᠠᠳ ᠨᠠᠢᠷᠯᠠᠬᠤ ᠴᠠᠭ ᠢ᠋ᠶ᠋ᠠᠷ 
ᠠᠭᠰᠤᠮ ᠭᠣᠣᠯᠳᠠᠭᠤ ᠬᠠᠨᠠᠭᠠᠷ ᠡᠷᠡᠴᠦᠳ 
ᠠᠮᠠᠷᠠᠭ ᠤ᠋ᠨ ᠢ᠋ᠶ᠋ᠠᠨ ᠡᠪᠦᠷ ᠲᠦ᠍ ᠨᠠᠮᠵᠢᠬᠤ ᠰᠥᠨᠢ ᠪᠡᠷ 

ᠠᠳᠤᠭᠤ ᠮᠠᠨᠢ ᠠᠳᠤᠭᠤ ᠪᠠᠨ ᠮᠡᠨᠡᠨ᠎ᠡ 
ᠠᠮᠠᠷᠠᠭ ᠲᠡᠷᠡ ᠮᠢᠨᠢ ᠨᠠᠮ᠎ᠠ ᠶ᠋ᠢ ᠪᠡᠨ ᠮᠡᠨᠡᠨ᠎ᠡ
ᠠᠳᠤᠭᠤ ᠮᠠᠨᠢ ᠠᠳᠤᠭᠤᠨ ᠳ᠋ᠤ᠌ ᠪᠠᠨ ᠢᠵᠢᠯᠢᠰᠢᠭᠡᠳ
ᠠᠮᠠᠷᠠᠭ ᠰᠡᠳᠬᠢᠯ ᠢ᠋ᠶ᠋ᠡᠨ ᠮᠠᠨᠠᠵᠤ ᠬᠣᠨᠣᠨ᠎ᠠ

ᠡᠪᠡᠰᠦ ᠬᠠᠳᠤᠭᠰᠠᠨ ᠬᠠᠳᠤᠭᠤᠷ ᠤ᠋ᠨ ᠳᠠᠭᠤ
ᠦᠳᠡᠰᠢ ᠨᠠᠮᠰᠠᠭᠠᠳ ᠪᠤᠴᠠᠬᠤ ᠴᠠᠭ ᠢ᠋ᠶ᠋ᠠᠷ
ᠥᠭᠡᠬᠦᠨ ᠭᠣᠣᠯᠳᠠᠭᠤ ᠳ᠋ᠧᠩ ᠦ᠋ᠨ ᠭᠡᠷᠡᠯ
ᠥᠷᠯᠥᠭᠡ ᠶ᠋ᠢ ᠬᠦᠯᠢᠶᠡᠯ ᠦᠭᠡᠢ ᠪᠥᠬᠥᠬᠦ ᠰᠥᠨᠢ ᠪᠡᠷ

ᠠᠳᠤᠭᠤ ᠮᠠᠨᠢ ᠠᠳᠤᠭᠤ ᠪᠠᠨ ᠮᠡᠨᠡᠨ᠎ᠡ
ᠠᠮᠠᠷᠠᠭ ᠲᠡᠷᠡ ᠮᠢᠨᠢ ᠨᠠᠮ᠎ᠠ ᠶ᠋ᠢ ᠪᠡᠨ ᠮᠡᠨᠡᠨ᠎ᠡ
ᠠᠳᠤᠭᠤ ᠮᠠᠨᠢ ᠠᠳᠤᠭᠤᠨ ᠳ᠋ᠤ᠌ ᠪᠠᠨ ᠢᠵᠢᠯᠢᠰᠢᠭᠡᠳ
ᠠᠮᠠᠷᠠᠭ ᠰᠡᠳᠬᠢᠯ ᠢ᠋ᠶ᠋ᠡᠨ ᠮᠠᠨᠠᠵᠤ ᠬᠣᠨᠣᠨ᠎ᠠ

ᠣᠷᠣᠢ ᠨᠠᠮᠤᠷ ᠤ᠋ᠨ ᠤᠰᠤᠨ ᠪᠣᠷᠣᠭ᠎ᠠ
ᠣᠩᠭᠢᠷᠠᠨ ᠴᠢᠳᠬᠤᠭᠠᠳ ᠳᠡᠪᠲᠦᠭᠡᠯᠭᠡᠬᠦ ᠴᠠᠭ ᠢ᠋ᠶ᠋ᠠᠷ
ᠴᠤᠪᠠ ᠪᠠᠨ ᠬᠤᠪᠢᠶᠠᠵᠤ ᠬᠣᠶᠠᠭᠤᠯᠠ ᠪᠠᠨ ᠨᠥᠮᠥᠷᠦᠭᠡᠳ
ᠴᠤᠷᠮ᠎ᠠ ᠬᠢᠯᠭᠦᠢ ᠳᠣᠭᠳᠣᠯᠬᠤ ᠰᠥᠨᠢ ᠪᠡᠷ

ᠠᠳᠤᠭᠤ ᠮᠠᠨᠢ ᠠᠳᠤᠭᠤ ᠪᠠᠨ ᠮᠡᠨᠡᠨ᠎ᠡ
ᠠᠮᠠᠷᠠᠭ ᠲᠡᠷᠡ ᠮᠢᠨᠢ ᠨᠠᠮ᠎ᠠ ᠶ᠋ᠢ ᠪᠡᠨ ᠮᠠᠨᠠᠨ᠎ᠠ
ᠠᠳᠤᠭᠤ ᠮᠠᠨᠢ ᠠᠳᠤᠭᠤᠨ ᠳ᠋ᠤ᠌ ᠪᠠᠨ ᠢᠵᠢᠯᠢᠰᠢᠭᠡᠳ
ᠠᠮᠠᠷᠠᠭ ᠰᠡᠳᠬᠢᠯ ᠢ᠋ᠶ᠋ᠡᠨ ᠮᠠᠨᠠᠵᠤ ᠬᠣᠨᠣᠨ᠎ᠠ

ᠠᠳᠤᠭᠤ ᠮᠠᠨᠢ ᠠᠳᠤᠭᠤ ᠪᠠᠨ ᠮᠠᠨᠠᠨ᠎ᠠ
ᠠᠮᠠᠷᠠᠭ ᠲᠡᠷᠡ ᠮᠢᠨᠢ ᠨᠠᠮ᠎ᠠ ᠶ᠋ᠢ ᠪᠡᠨ ᠮᠡᠨᠡᠨ᠎ᠡ
ᠠᠳᠤᠭᠤ ᠮᠠᠨᠢ ᠠᠳᠤᠭᠤᠨ ᠳ᠋ᠤ᠌ ᠪᠠᠨ ᠢᠵᠢᠯᠢᠰᠢᠭᠡᠳ
ᠠᠮᠠᠷᠠᠭ ᠰᠡᠳᠬᠢᠯ ᠢ᠋ᠶ᠋ᠡᠨ ᠮᠠᠨᠠᠵᠤ ᠬᠣᠨᠣᠨ᠎ᠠ
ᠠᠮᠠᠷᠠᠭ ᠰᠡᠳᠬᠢᠯ ᠢ᠋ᠶ᠋ᠡᠨ ᠮᠠᠨᠠᠵᠤ ᠬᠣᠨᠣᠨ᠎ᠠ

  ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
  ᠦᠰᠦᠭ ᠬᠠᠲᠠᠭᠴᠢ᠄ ᠬᠠᠨ ᠱᠢ ᠵᠢᠶᠦ᠋ᠨ
  ᠬᠢᠨᠠᠭᠴᠢ᠄ ᠣᠳᠬᠠᠨᠰᠣ᠎ᠠ