ᠬᠡᠷᠢᠶ᠎ᠡ ᠬᠡᠷᠢᠶᠡᠨ ᠳ᠋ᠡᠭᠡᠨ ᠬᠡᠯᠡᠨ᠎ᠡ – ᠭᠦᠷᠵᠠᠪ Хэрээ хэрээндээ хэлнэ – Гүржав
ᠬᠡᠷᠢᠶ᠎ᠡ ᠬᠡᠷᠢᠶᠡᠨ ᠳ᠋ᠡᠭᠡᠨ ᠬᠡᠯᠡᠨ᠎ᠡ
( ᠬᠡᠬᠡᠷ᠎ᠡ ᠰᠠᠭᠤᠵᠤ ᠪᠠᠶ᠋ᠢᠬ᠋᠎ᠠ ᠬᠡᠲᠦᠨ ᠬᠡᠷᠢᠶ᠎ᠡ ᠶ᠋ᠢ ᠦᠵᠡᠭᠡᠳ )
ᠭᠦᠷᠵᠠᠪ
ᠬᠡᠩᠭᠡᠷᠭᠡ ᠡᠯᠡᠰᠦᠨ ᠪ ᠡᠩᠭᠡᠷ
ᠬᠡᠲᠦᠨ ᠤᠯᠠᠢ ᠭᠠᠷᠴᠠᠢ
ᠬᠡᠲᠦᠭᠦᠯᠡ ᠤᠴᠢᠵᠦ ᠦᠵᠡᠶ᠎ᠡ
ᠬᠡᠰᠡᠭᠯᠡᠵᠦ ᠬᠤᠪᠢᠶᠠᠵᠤ ᠢᠲᠡᠶᠡ ᠭᠡᠵᠦ
ᠬᠡᠷᠢᠶ᠎ᠡ ᠬᠡᠷᠢᠶᠡᠨ ᠳ᠋ᠡᠭᠡᠨ ᠬᠡᠯᠡᠨ᠎ᠡ
ᠬᠡᠷᠡᠭ ᠮᠠᠭᠤᠬᠠᠢ ᠪᠤᠯᠵᠡᠢ —
ᠬᠡᠨᠲᠡᠢ ᠳ᠋ᠤ᠌ ᠲᠦᠢᠮᠡᠷ ᠳᠡᠭᠳᠡᠴᠢᠭᠡᠵᠡᠢ
ᠬᠡᠷᠡᠩᠭᠡᠲᠦ ᠳᠡᠭᠦᠦ ᠲᠠᠯᠪᠢᠴᠢᠬᠠᠵᠠᠢ
ᠬᠡᠷᠬᠢᠪᠡᠴᠦ ᠳᠤᠲᠠᠭᠠᠬᠤ ᠦᠭᠡᠢ ᠪᠣᠯᠬᠤ ᠦᠭᠡᠢ ᠁ ᠭᠡᠵᠦ
ᠬᠡᠷᠢᠶ᠎ᠡ ᠬᠡᠷᠢᠶᠡᠨ ᠳ᠋ᠡᠭᠡᠨ ᠬᠡᠯᠡᠨ᠎ᠡ ᠃
ᠢᠷᠡᠯᠲᠡ ᠄
ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》 ᠭᠡᠳᠡᠭ ᠨᠣᠮ ᠠ᠋ᠴᠠ ᠬᠠᠭᠤᠯᠤᠨ ᠪᠢᠴᠢᠪᠡ ᠂
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠤ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠳᠠᠰᠢᠮ᠎ᠠ
ᠬᠢᠨᠠᠭᠴᠢ ᠄ ᠪᠠᠶᠠᠷᠴᠡᠴᠡᠭ
2023 ᠣᠨ ᠪ3 ᠰᠠᠷ᠎ᠠ ᠶ᠋ᠢᠨ 28 ᠪ ᠡᠲᠦᠷ
