ᠲᠠᠦᠯᠠᠢ – ᠭᠦᠷᠵᠠᠪ Туулай - Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠦᠯᠠᠢ – ᠭᠦᠷᠵᠠᠪ Туулай - Гүржав

ᠲᠠᠦᠯᠠᠢ – ᠭᠦᠷᠵᠠᠪ Туулай - Гүржав

2023-03-30

282

ᠲᠠᠦᠯᠠᠢ


           ( ᠲᠠᠤᠯᠠᠢ ᠶ᠋ᠢ ᠦᠵᠡᠭᠡᠳ ᠲᠣᠩ ᠥᠷᠥ ᠡᠪᠡᠲᠦᠯ᠎ᠡ ᠂ ᠪᠢ )   
                       ᠭᠦᠷᠵᠠᠪ

 ᠲᠠᠤᠯᠠᠢ ᠬᠥᠭᠡᠷᠦᠬᠦᠢ
 ᠲᠤᠭᠤᠯ ᠦ᠋ᠨ ᠨᠢᠲᠦᠨ ᠴᠢᠨᠡᠭᠡ — ᠵᠢᠷᠦᠬᠡ ᠪᠡᠨ ᠲᠡᠪᠡᠷᠢᠵᠦ
 ᠲᠤᠷᠤᠤ ᠶ᠋ᠢᠨ ᠴᠢᠨᠡᠭᠡ — ᠡᠪᠦᠷ ᠲᠤ ᠪᠡᠨ ᠬᠡᠪᠲᠡᠨ᠎ᠡ
 ᠲᠣᠭᠣᠷᠤᠤ ᠲᠡᠭᠦᠨ ᠪ ᠳᠡᠭᠡᠭᠦᠷ ᠡᠷᠭᠢᠴᠡᠨ᠎ᠡ
 ᠲᠣᠭᠣᠲᠠᠭ ᠲᠡᠭᠦᠨ ᠪ ᠳᠡᠷᠭᠡᠳᠡᠭᠦᠷ ᠠᠯᠬᠤᠯᠠᠨ᠎ᠠ
 ᠲᠣᠮᠣ ᠬᠦᠷᠡᠩ  ᠡᠯᠢᠶ᠎ᠡ 
 ᠲᠣᠩᠭᠣᠷᠠᠲᠠᠯ᠎ᠠ  ᠨᠢ ᠴᠣᠬᠢᠵᠤ ᠤᠨᠠᠭᠠᠴᠢᠬᠠᠭᠠᠳ 
 ᠲᠣᠰᠠᠲᠠᠢ ᠪᠠᠶ᠋ᠢᠷᠢᠨ  ᠳ᠋ᠠᠭᠠᠨ ᠠᠪᠠᠴᠢᠵᠤ
 ᠳᠣᠲᠣᠷ ᠭᠠᠲᠠᠷ  ( ᠥᠯᠡᠲᠡᠭᠡᠯ) ᠦᠭᠡᠢ
 ᠳᠣᠶᠢᠴᠢᠵᠤ ᠰᠠᠶ᠋ᠢᠬᠠᠨ ᠢᠲᠡᠶ᠎ᠡ ᠭᠡᠵᠦ ᠰᠠᠨᠠᠨ᠎ᠠ
 ᠲᠣᠮᠣᠬ᠋᠎ᠠ ᠦᠭᠡᠢ — ᠠᠯᠢᠶ᠎ᠠ ᠬᠡᠦᠬᠡᠳ ᠦ᠋ᠳ
 ᠲᠤᠬᠢᠯᠢᠬ ᠳᠤᠯᠠᠭᠠᠨ ᠣᠷᠣ ᠠ᠋ᠴᠠ ᠨᠢ ᠪᠣᠰᠬᠠᠵᠤ
 ᠪᠦᠲᠦᠭᠦᠨ ᠰᠡᠭᠰᠡᠭᠡᠷ ᠨᠣᠬᠠᠢ ᠪᠠᠷ ᠶ᠋ᠢᠠᠨ ᠬᠥᠭᠡᠭᠡᠯᠭᠡᠵᠦ
 ᠪᠦᠷ  ᠴᠤ᠌ ᠮᠡᠨᠡᠷᠡᠲᠡᠯ᠎ᠡ  ᠨᠢ ᠭᠦᠶᠦᠯᠭᠡᠶ᠎ᠡ ᠭᠡᠵᠦ  ᠬᠥᠭᠡᠷᠦᠨ᠎ᠡ᠂ ᠂ ᠂ ᠂` 
 ᠲᠠᠤᠯᠠᠢ ᠬᠥᠭᠡᠷᠦᠬᠦᠢ
 ᠲᠤᠭᠤᠯ ᠦ᠋ᠨ ᠨᠢᠲᠦᠨ ᠴᠢᠨᠡᠭᠡ —
 ᠵᠢᠷᠦᠬᠡ ᠪᠡᠨ ᠲᠡᠪᠡᠷᠢᠵᠦ
 ᠲᠣᠷᠤᠤ ᠶ᠋ᠢᠨ ᠴᠢᠨᠡᠭᠡ —
 ᠡᠭᠦᠷ ᠲᠤ ᠪᠡᠨ ᠬᠡᠪᠲᠡᠨ᠎ᠡ ᠃

 ᠢᠷᠡᠯᠲᠡ ᠄ 
         ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠂
             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ
              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ

       ᠦᠰᠦᠭ ᠠᠮᠢᠯᠠᠭᠤᠯᠤᠭᠴᠢ ᠄    ᠮᠢᠭᠮᠡᠷ
         ᠬᠢᠨᠠᠭᠴᠢ ᠄  ᠪᠠᠶᠠᠷᠴᠡᠴᠡᠭ
                            2023 .3.27