ᠪᠦᠯᠬᠦᠮᠲᠡᠯ ᠦ᠋ᠨ ᠦᠭᠡ - ᠭᠦᠷᠵᠠᠪ Бүлхэмдлийн үг - Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠯᠬᠦᠮᠲᠡᠯ ᠦ᠋ᠨ ᠦᠭᠡ - ᠭᠦᠷᠵᠠᠪ Бүлхэмдлийн үг - Гүржав

ᠪᠦᠯᠬᠦᠮᠲᠡᠯ ᠦ᠋ᠨ ᠦᠭᠡ - ᠭᠦᠷᠵᠠᠪ Бүлхэмдлийн үг - Гүржав

2023-03-30

260

ᠪᠦᠯᠬᠦᠮᠲᠡᠯ ᠦ᠋ᠨ ᠦᠭᠡ


              ᠭᠦᠷᠵᠠᠪ

ᠪᠦᠲᠦᠷᠢᠵᠦ ᠲᠡᠪᠡᠭᠳᠡᠭᠰᠡᠳ ᠦ᠋ᠨ
ᠪᠥᠬᠡᠴᠡᠶ᠋ᠢᠯᠡᠵᠦ ᠡᠪᠡᠶ᠋ᠢᠯᠡᠬᠦ
ᠪᠦᠯᠢᠶᠡᠨ ᠬᠠᠯᠠᠭᠤᠨ ᠠᠮᠢᠰᠬᠤᠬ᠋᠎ᠠ
ᠪᠦᠷᠢᠯᠭᠡᠵᠦ ᠰᠦᠢᠳᠬᠡᠭᠰᠡᠳ ᠶ᠋ᠢᠡᠨ
ᠵᠠᠰᠠᠵᠤ ᠰᠤᠷᠭᠠᠬᠤ
ᠪᠦᠲᠦᠨ ᠴᠠᠭᠠᠨ ᠰᠠᠨᠠᠬ᠋᠎ᠠ
ᠪᠦᠯᠬᠦᠮᠲᠡᠯ ᠶᠤᠮ ᠡ
ᠪᠥᠮᠪᠥᠷᠴᠡᠭ ᠳᠡᠭᠡᠷ᠎ᠡ ᠠᠮᠢᠲᠤᠷᠠᠭᠰᠳ
ᠪᠦᠯᠢ ᠨᠢᠭᠡ ᠶᠤᠮ
ᠪᠦᠲᠦᠭᠡᠵᠦ ᠪᠠᠶ᠋ᠢᠭᠤᠯᠬᠤ
ᠬᠦᠰᠡᠯ ᠨᠢᠭᠡ ᠶᠤᠮ ᠭᠡᠰᠡᠨ
ᠪᠦᠷᠬᠦᠭᠡᠰᠦ ᠦᠭᠡᠢ ᠦᠵᠡᠯᠲᠡ ᠪᠣᠯ
ᠪᠦᠯᠬᠦᠮᠲᠡᠯ ᠶᠤᠮ ᠡ
ᠪᠦᠬᠦᠨ ᠪ ᠡᠮᠦᠨ᠎ᠡ ᠨᠢ ᠪᠢ ᠣᠷᠣᠶ᠎ᠠ
ᠪᠦᠰᠡᠨ ᠪ ᠮᠢᠨᠢ ᠠᠷᠤ ᠠ᠋ᠴᠠ  ᠲᠠᠲᠠᠨᠤᠰ ᠴᠢᠩᠭᠠᠬ᠋᠎ᠠ
ᠪᠦᠲᠦᠷᠢᠭᠡᠨ ᠶᠡᠬᠡᠲᠡᠢ ᠠᠮᠢᠲᠤᠷᠠᠯ ᠦ᠋ᠨ ᠵᠠᠮ ᠊ᠢ
ᠪᠦᠭᠦᠲᠡᠭᠡᠷ ᠶ᠋ᠢᠡᠨ ᠴᠤᠭᠭᠠᠷ ᠶ᠋ᠢᠠᠨ ᠳᠠᠭᠤᠯᠤᠶ᠎ᠠ ᠭᠡᠰᠡᠨ
ᠪᠦᠷᠢᠨ ᠬᠦᠰᠡᠯᠲᠦ ᠰᠡᠤᠠᠬᠢᠯ ᠪᠣᠯ
ᠪᠦᠯᠬᠦᠮᠲᠡᠯ ᠶᠤᠮ ᠡ ᠁
ᠪᠣᠰᠬᠠᠵᠤ ᠪᠦᠲᠦᠭᠡᠶ᠎ᠡ ᠭᠡᠪᠡᠯ
ᠪᠣᠷᠣᠭᠵᠢᠵᠤ ᠲᠡᠰᠪᠦᠷᠢᠯᠡ ᠭᠡᠰᠡᠨ
ᠪᠣᠯᠣᠳ ᠴᠢᠭᠢᠷᠠᠭ ᠵᠣᠷᠢᠬ ᠪᠣᠯ
ᠪᠦᠯᠬᠦᠮᠲᠡᠯ ᠶᠤᠮ ᠡ
ᠪᠤᠲᠠᠷᠠᠵᠤ ᠰᠠᠷᠨᠢᠪᠠᠯ
ᠪᠤᠰᠢᠭᠤᠬᠠᠨ ᠨᠡᠶ᠋ᠢᠯᠡ ᠭᠡᠰᠡᠨ
ᠪᠣᠲᠠᠲᠠᠢ ᠴᠢᠭᠡᠴᠢ ᠰᠤᠷᠭᠠᠯ ᠪᠣᠯ
ᠪᠦᠯᠬᠦᠮᠲᠡᠯ ᠶᠤᠮ ᠡ
ᠪᠠᠭᠤᠲᠠᠯ ᠵᠡᠷᠭᠡᠯᠡᠲᠡᠭᠡ ᠪᠡᠨ
ᠪᠤᠤ ᠭᠣᠮᠣᠲᠠᠬ᠋᠎ᠠ ᠭᠡᠳᠡᠭ
ᠪᠣᠷᠣᠭᠵᠢᠭᠤᠨ ᠪᠣᠷᠣ ᠦᠭᠡ ᠪᠣᠯ
ᠪᠦᠯᠬᠦᠮᠲᠡᠯ ᠶᠤᠮ ᠡ
ᠪᠠᠭᠤᠷᠠᠢ ᠳᠣᠷᠣᠢ ᠪᠠᠨ
ᠪᠣᠲᠣᠯᠲᠠᠢ ᠬᠠᠪᠰᠤᠷᠠ ᠭᠡᠳᠡᠭ
ᠪᠤᠰᠤᠳ ᠦ᠋ᠨ ᠨᠠᠨᠲᠢᠨ ᠰᠠᠨᠠᠭᠤᠯᠬ᠋᠎ᠠ ᠪᠣᠯ
ᠪᠦᠯᠬᠦᠮᠲᠡᠯ ᠶᠤᠮ ᠡ
ᠪᠣᠯᠪᠠᠰᠤᠨ ᠣᠷᠣᠨ ᠶ᠋ᠢᠠᠨ
ᠬᠠᠶ᠋ᠢᠷᠠᠯᠠᠶ᠎ᠠ ᠂ ᠬᠠᠮᠠᠭᠠᠯᠠᠶ᠎ᠠ  ᠭᠡᠳᠡᠭ
ᠪᠣᠰᠤᠬ᠋᠎ᠠ ᠴᠠᠭᠠᠨ ᠳᠠᠭᠤᠳᠠᠯᠬ᠋᠎ᠠ ᠪᠣᠯ
ᠪᠦᠯᠬᠦᠮᠲᠡᠯ ᠶᠤᠮ ᠡ
ᠪᠤᠯᠲᠤ ᠳᠠᠶᠠᠭᠠᠷ ᠶ᠋ᠢᠠᠨ
ᠨᠠᠶ᠋ᠢᠷᠠᠮᠲᠠᠶ᠎ᠠ ᠂ ᠡᠪᠰᠡᠶ᠎ᠡ  ᠭᠡᠳᠡᠭ
ᠪᠤᠴᠠᠰᠢ ᠦᠭᠡᠢ ᠤᠷᠢᠶᠠᠯᠠᠬ᠋᠎ᠠ ᠪᠣᠯ
ᠪᠦᠯᠬᠦᠮᠲᠡᠯ ᠶᠤᠮ ᠡ ᠁
ᠪᠦᠯᠬᠦᠮᠲᠡᠯ ᠊ᠢ ᠪᠢᠲᠡ ᠡᠷᠬᠢᠮᠨᠡᠶ᠎ᠡ
ᠪᠦᠯᠬᠦᠮᠲᠡᠯ ᠊ᠢ ᠪᠢᠲᠡ ᠡᠷᠢᠯᠬᠢᠯᠡᠶ᠎ᠡ
ᠪᠦᠯᠢ ᠶᠡᠬᠡ ᠤᠯᠤᠰ ᠶ᠋ᠢᠠᠨ
ᠪᠦᠯᠬᠦᠮᠲᠡᠯ ᠦ᠋ᠨ ᠥᠩᠭᠡ ᠪᠡᠷ
ᠪᠢᠲᠡ ᠴᠢᠮᠡᠭᠯᠡᠶ᠎ᠡ
ᠪᠦᠭᠦᠲᠡ ᠣᠯᠠᠨ ᠢᠷᠭᠡᠳ ᠶ᠋ᠢᠡᠨ
ᠪᠦᠯᠬᠦᠮᠲᠡᠯ ᠦ᠋ᠨ ᠰᠦᠨᠡᠰᠦ ᠪᠡᠷ
ᠪᠢᠲᠡ ᠬᠣᠯᠪᠣᠶ᠎ᠠ
ᠪᠦᠲᠦᠭᠡᠨ ᠴᠣᠭᠴᠠᠯᠠᠬᠤ ᠦᠢᠯᠡᠰ ᠶ᠋ᠢᠡᠨ
ᠪᠦᠯᠬᠦᠮᠲᠡᠯ ᠦ᠋ᠨ ᠰᠦᠷ ᠶ᠋ᠢᠡᠷ ᠪᠢᠲᠡ ᠡᠷᠭᠦᠶ᠎ᠡ
ᠪᠦᠪᠡᠢ ᠶ᠋ᠢᠨ ᠠᠶᠠᠰᠲᠤ ᠬᠣᠷᠸ᠋᠎ᠠ ᠪᠠᠨ
ᠪᠦᠯᠬᠦᠮᠲᠡᠯ ᠦ᠋ᠨ ᠳᠠᠭᠤᠤ ᠪᠠᠷ
ᠪᠢᠲᠡ ᠪᠠᠶᠠᠰᠬᠠᠶ᠎ᠠ ᠁
ᠪᠦᠯᠬᠦᠮᠲᠡᠯ ᠊ᠢ
ᠪᠢᠲᠡ ᠬᠡᠵᠢᠶ᠎ᠡ ᠡᠬᠦᠷᠢᠲᠡ
ᠨᠠᠮᠢᠷᠠᠭᠤᠯᠵᠤ ᠶᠠᠪᠤᠶ᠎ᠠ !

ᠢᠷᠡᠯᠲᠡ ᠄ 
         ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠂
             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ
              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ

       ᠦᠰᠦᠭ ᠠᠮᠢᠯᠠᠭᠤᠯᠤᠭᠴᠢ ᠄   ᠤᠷᠠᠨᠴᠡᠴᠡᠭ
         ᠬᠢᠨᠠᠭᠴᠢ ᠄  ᠪᠠᠶᠠᠷᠴᠡᠴᠡᠭ
           2023 ᠣᠨ ᠪ3 ᠰᠠᠷ᠎ᠠ ᠶ᠋ᠢᠨ 27 ᠪ ᠡᠲᠦᠷ