ᠴᠣᠪᠣᠭᠣ ᠬᠣᠩᠭᠣᠷ- ᠪᠠᠲᠤᠤ᠋ᠷᠭᠢᠯЦовоо хонгор-Бат-оргил ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠣᠪᠣᠭᠣ ᠬᠣᠩᠭᠣᠷ- ᠪᠠᠲᠤᠤ᠋ᠷᠭᠢᠯЦовоо хонгор-Бат-оргил

ᠴᠣᠪᠣᠭᠣ ᠬᠣᠩᠭᠣᠷ- ᠪᠠᠲᠤᠤ᠋ᠷᠭᠢᠯЦовоо хонгор-Бат-оргил

ᠠᠩᠭᠢᠯᠠᠯ:ᠳᠠᠭᠤᠤ ᠬᠥᠭᠵᠢᠮ
2023-03-30

278

ᠴᠣᠪᠣᠭᠣ ᠬᠣᠩᠭᠣᠷ

    ᠳᠠᠭᠤᠴᠢᠨ ᠄ ᠪᠠᠲᠤᠤ᠋ᠷᠭᠢᠯ
ᠴᠣᠪᠣᠭᠣ ᠬᠣᠩᠭᠣᠷ ᠂ ᠰᠣᠯᠣᠩᠭᠣᠰ ᠤᠯᠤᠰ ᠲᠤ᠌ ᠠᠷᠪᠠ ᠭᠠᠷᠤᠢ ᠵᠢᠯ ᠲᠡᠮᠦᠷ ᠲᠣᠣᠷ ᠤ᠋ᠨ ᠴᠠᠭᠠᠨ᠎ᠠ ᠬᠣᠷᠢᠭᠳᠠᠭᠰᠠᠨ ᠮᠣᠩᠭᠣᠯ ᠠᠵᠢᠷᠭᠠᠨ ᠤ᠋ ᠳᠤᠷᠠᠰᠬᠠᠯ ᠳ᠋ᠤ᠌ ᠵᠣᠷᠢᠭᠤᠯᠪᠠ ᠃

ᠳᠡ ᠸᠠᠩ ᠤ᠋ᠨ ᠬᠤᠰᠢᠭᠤᠨ ᠤ᠋ ᠳᠠᠸᠠᠲᠤ ᠵᠠᠯᠠᠨ ᠤ᠋
ᠲᠦᠮᠡᠨ ᠠᠭᠲᠠ ᠶ᠋ᠢᠨ ᠲᠦᠷᠦᠭᠦᠨ ᠳ᠋ᠦ᠍ ᠳᠡᠭᠦᠯᠢᠵᠦ ᠶᠠᠪᠤᠳᠠᠭ ᠪᠠᠶ᠋ᠢᠯ᠎ᠠ
ᠠᠷᠪᠠᠨ ᠲᠠᠪᠤᠨ ᠯᠠᠩ ᠤ᠋ᠨ ᠠᠯᠲᠠᠨ ᠶᠤᠸᠠᠮᠪᠤᠤ ᠪᠠᠷ
ᠠᠯᠤᠰ ᠬᠣᠯᠠ ᠶ᠋ᠢᠨ ᠭᠠᠵᠠᠷ ᠲᠤ᠌ ᠵᠠᠷᠤᠭᠳᠠᠭᠰᠠᠨ ᠪᠢᠯᠡ

ᠠᠷᠭᠠᠯ ᠤ᠋ᠨ ᠤᠲᠤᠭ᠎ᠠ ᠤᠨᠢᠶᠠᠷᠲᠤᠭᠰᠠᠨ ᠠᠶ᠋ᠢᠷᠠᠭ ᠰᠡᠩᠭᠢᠨᠡᠭᠰᠡ
ᠠᠯᠲᠠᠨ ᠨᠠᠮᠤᠷ ᠢ᠋ᠶ᠋ᠠᠨ ᠠᠷᠪᠠᠨ ᠵᠢᠯ ᠵᠡᠭᠦᠳᠦᠯᠡᠵᠦ ᠮᠥᠷᠥᠭᠡᠳᠦᠯ᠎ᠡ
ᠢᠵᠠᠭᠤᠷ ᠠᠷᠢᠭᠤᠨ ᠭᠠᠵᠠᠷ ᠲᠠᠭᠠᠨ ᠶᠠᠰᠤ ᠪᠠᠨ ᠲᠠᠯᠪᠢᠬᠤ ᠭᠡᠳ
ᠣᠷᠣᠢ ᠶ᠋ᠢᠨ ᠨᠢᠭᠡᠨ ᠨᠠᠷᠠᠨ ᠢ᠋ᠶ᠋ᠠᠷ ᠤᠷᠭᠤᠵᠤ ᠣᠳᠤᠨ᠎ᠠ ᠳᠠ

ᠠᠯᠲᠠ ᠪᠠᠷ ᠴᠢᠮᠡᠭᠰᠡᠨ ᠠᠷᠭᠠᠮᠵᠢ ᠮᠢᠨᠢ ᠠᠯᠳᠠᠷᠠᠵᠤ ᠲᠠᠰᠤᠷᠠᠯ᠎ᠠ
ᠰᠢᠨᠳᠠᠰᠤ ᠶ᠋ᠢᠨ ᠰᠠᠢᠨ ᠊ᠢ ᠰᠣᠷᠢᠭᠰᠠᠭᠠᠷ ᠨᠤᠲᠤᠭ ᠢ᠋ᠶ᠋ᠠᠨ ᠪᠢ ᠵᠣᠷᠢᠯ᠎ᠠ
ᠱᠠᠩᠳᠠ ᠶ᠋ᠢᠨ ᠭᠣᠪᠢ ᠶ᠋ᠢ ᠭᠠᠲᠤᠯᠤᠭᠰᠠᠭᠠᠷ ᠰᠢᠨᠲᠠᠷᠠᠵᠤ ᠶᠠᠳᠠᠷᠠᠯ᠎ᠠ
ᠰᠢᠷᠭᠠᠯ ᠰᠠᠢᠬᠠᠨ ᠲᠠᠯ᠎ᠠ ᠮᠢᠨᠢ ᠲᠡᠷᠲᠡᠭᠡ ᠬᠠᠷᠠᠭᠳᠠᠯ᠎ᠠ

ᠠᠩᠭᠠᠭᠰᠠᠨ ᠭᠣᠪᠢ ᠶ᠋ᠢ ᠬᠠᠮᠲᠤ ᠲᠤᠭᠤᠯᠵᠤ ᠠᠨᠳᠠ ᠪᠣᠯᠤᠭᠰᠠᠨ ᠰᠠᠯᠬᠢ ᠮᠢᠨᠢ
ᠡᠷᠴᠢᠲᠦ ᠵᠢᠭᠦᠷ ᠳᠡᠭᠡᠷ᠎ᠡ ᠪᠡᠨ ᠡᠯᠪᠡᠷᠢᠯᠳᠦ ᠨᠤᠲᠤᠭ ᠤ᠋ᠨ ᠮᠢᠨᠢ
ᠲᠠᠩᠰᠤᠭ ᠰᠠᠢᠬᠠᠨ ᠦᠨᠦᠷ ᠊ᠢ ᠠᠪᠴᠢᠷᠠᠵᠤ ᠴᠢ ᠥᠭᠪᠡᠯ
ᠲᠥᠷᠥᠭᠰᠡᠨ ᠨᠤᠲᠤᠭ ᠲᠠᠭᠠᠨ ᠬᠦᠷᠬᠦ ᠲᠡᠩᠬᠡᠭᠡ ᠶ᠋ᠢ ᠪᠢ ᠣᠯᠤᠨ᠎ᠠ

ᠨᠤᠲᠤᠭ ᠤ᠋ᠨ ᠮᠢᠨᠢ ᠰᠠᠷᠠᠭᠤᠯ ᠲᠠᠯ᠎ᠠ ᠶ᠋ᠢᠨ
ᠰᠠᠯᠬᠢ ᠮᠢᠨᠢ ᠴᠢ ᠬᠥᠷᠥᠭᠡᠴᠢ ᠭᠦᠷᠦᠭᠡᠴᠢ
ᠨᠤᠲᠤᠭ ᠤ᠋ᠨ ᠮᠢᠨᠢ ᠰᠠᠷᠠᠭᠤᠯ ᠲᠠᠯ᠎ᠠ ᠶ᠋ᠢᠨ
ᠰᠠᠯᠬᠢ ᠮᠢᠨᠢ ᠴᠢ ᠬᠥᠷᠥᠭᠡᠴᠢ ᠭᠦᠷᠦᠭᠡᠴᠢ

  ᠦᠰᠦᠭ ᠠᠮᠢᠯᠠᠭᠤᠯᠤᠭᠴᠢ ᠄ ᠪᠠᠶᠠᠨᠰᠡᠷᠡᠩ
  ᠬᠢᠨᠠᠭᠴᠢ ᠪᠠᠭᠰᠢ ᠄ ᠣᠤᠠᠬᠠᠨᠰᠣ᠎ᠠ · ᠭᠠᠷᠮ᠎ᠠ