ᠴᠡᠪᠡᠷ ᠥᠬᠢᠨTsever okhinЦэвэр охин ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠡᠪᠡᠷ ᠥᠬᠢᠨTsever okhinЦэвэр охин

ᠴᠡᠪᠡᠷ ᠥᠬᠢᠨTsever okhinЦэвэр охин

ᠠᠩᠭᠢᠯᠠᠯ:ᠳᠠᠭᠤᠤ ᠬᠥᠭᠵᠢᠮ
2023-03-30

267

ᠴᠡᠪᠡᠷ ᠥᠬᠢᠨ


   ᠠᠷᠠᠳ ᠤ᠋ᠨ ᠳᠠᠭᠤᠤ    
   ᠳᠠᠭᠤᠴᠢᠨ᠄ ᠴᠠᠩᠨᠠᠳᠣᠷᠵᠢ ᠶ᠋ᠢᠨ ᠴᠠᠨᠳᠠ • ᠠᠶᠤᠰᠢ     

ᠵᠢᠷᠪᠢᠢᠭᠰᠡᠨ ᠬᠥᠮᠥᠰᠬᠡ ᠲᠡᠢ ᠵᠢᠮᠢᠰ ᠦ᠋ᠨ ᠤᠯᠠᠭᠠᠨ ᠬᠠᠴᠠᠷ ᠲᠠᠢ     
ᠵᠦᠢᠲᠡᠢ ᠲᠥᠷᠥᠭᠰᠡᠨ ᠲᠡᠷᠡ ᠨᠢᠭᠡ ᠥᠬᠢᠨ ᠠ᠋ ᠬᠦ 
ᠵᠦᠭᠡᠷᠬᠡᠨ ᠵᠦᠭᠡᠷᠬᠡᠨ ᠰᠠᠭᠤᠶ᠎ᠠ ᠭᠡᠰᠡᠨ ᠴᠢᠨᠢ 
ᠵᠡᠭᠦᠳᠦᠨ ᠳ᠋ᠦ᠍ ᠣᠷᠣᠭᠠᠳ ᠠᠮᠠᠷᠠᠭᠠᠭᠰᠠᠨ ᠦᠭᠡᠢ ᠳᠡ ᠬᠦ᠃

ᠡᠷᠭᠢᠭᠦᠯᠦᠭᠡᠳ ᠰᠠᠮᠨᠠᠭᠰᠠᠨ ᠦᠰᠦ ᠶ᠋ᠢ ᠴᠢᠨᠢ ᠬᠠᠷᠠᠪᠠᠯ 
ᠡᠷᠢᠶᠡᠨ ᠯᠤᠤ ᠶ᠋ᠢᠨ ᠡᠪᠡᠷ ᠡᠴᠡ ᠥᠭᠡᠷ᠎ᠡ ᠴᠦ᠍ ᠦᠭᠡᠢ ᠬᠦ 
ᠡᠷᠭᠢᠯᠳᠦᠵᠦ ᠬᠠᠷᠠᠳᠠᠭ ᠬᠣᠶᠠᠷ ᠨᠢᠳᠦ ᠴᠢᠨᠢ
ᠡᠷᠢᠶᠡᠨ ᠡᠷᠪᠡᠬᠡᠢ ᠨᠢᠰᠬᠦ ᠡᠴᠡ ᠥᠭᠡᠷ᠎ᠡ ᠴᠦ᠍ ᠦᠭᠡᠢ ᠬᠦ᠃

ᠬᠦᠵᠦᠭᠦᠨ ᠦ᠌ ᠴᠠᠭᠠᠨ ᠢ᠋ ᠬᠡᠯᠡᠬᠦ ᠶᠦᠮ ᠪᠣᠯ
ᠬᠥᠪᠥᠩ ᠵᠤᠯᠤᠭᠰᠠᠨ ᠠ᠋ᠴᠠ ᠶᠠᠭᠤᠨ ᠤ᠋ ᠥᠭᠡᠷ᠎ᠡ ᠪᠣᠢ ᠬᠦ
ᠬᠥᠯᠥᠷᠡᠭᠰᠡᠨ ᠬᠥᠯᠥᠰᠥ ᠶ᠋ᠢ ᠨᠢ ᠦᠨᠦᠷᠯᠡᠭᠡᠳ ᠦᠵᠡᠪᠡᠯ
ᠬᠦᠳᠡᠷᠢ ᠶ᠋ᠢᠨ ᠵᠢᠭᠠᠷ ᠠ᠋ᠴᠠ ᠶᠠᠭᠤᠨ ᠤ᠋ ᠥᠭᠡᠷ᠎ᠡ ᠪᠣᠢ ᠬᠦ
ᠬᠦᠳᠡᠷᠢ ᠶ᠋ᠢᠨ ᠵᠢᠭᠠᠷ ᠠ᠋ᠴᠠ ᠶᠠᠭᠤᠨ  ᠤ᠋ ᠥᠭᠡᠷ᠎ᠡ ᠪᠣᠢ ᠬᠦ᠃

   ᠦᠰᠦᠭ ᠠᠮᠢᠯᠠᠭᠤᠯᠤᠭᠴᠢ᠄ ᠤᠤᠭᠠᠨᠵᠢᠳ
   ᠬᠢᠨᠠᠭᠴᠢ᠄ ᠮᠡᠷᠭᠡᠨᠪᠢᠯᠢᠭ