ᠳᠡᠯᠡᠬᠡᠢ ᠳ᠋ᠦ᠍ ᠪᠢ ᠶᠠᠯ᠎ᠠ ᠲᠠᠢ ᠬᠡᠮᠡᠬᠦ ᠲᠡᠨᠡᠭ ᠬᠥᠮᠦᠨ ᠦ᠌ ᠥᠴᠢᠭ- ᠳᠠᠪᠬᠤᠷᠪᠠᠶᠠᠷДэлхийд би ялтай хэмээх тэнэг хүний өчиг-давхарбаяр ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠡᠯᠡᠬᠡᠢ ᠳ᠋ᠦ᠍ ᠪᠢ ᠶᠠᠯ᠎ᠠ ᠲᠠᠢ ᠬᠡᠮᠡᠬᠦ ᠲᠡᠨᠡᠭ ᠬᠥᠮᠦᠨ ᠦ᠌ ᠥᠴᠢᠭ- ᠳᠠᠪᠬᠤᠷᠪᠠᠶᠠᠷДэлхийд би ялтай хэмээх тэнэг хүний өчиг-давхарбаяр

ᠳᠡᠯᠡᠬᠡᠢ ᠳ᠋ᠦ᠍ ᠪᠢ ᠶᠠᠯ᠎ᠠ ᠲᠠᠢ ᠬᠡᠮᠡᠬᠦ ᠲᠡᠨᠡᠭ ᠬᠥᠮᠦᠨ ᠦ᠌ ᠥᠴᠢᠭ- ᠳᠠᠪᠬᠤᠷᠪᠠᠶᠠᠷДэлхийд би ялтай хэмээх тэнэг хүний өчиг-давхарбаяр

2023-03-30

255

ᠳᠡᠯᠡᠬᠡᠢ ᠳ᠋ᠦ᠍ ᠪᠢ ᠶᠠᠯ᠎ᠠ ᠲᠠᠢ ᠬᠡᠮᠡᠬᠦ ᠲᠡᠨᠡᠭ ᠬᠥᠮᠦᠨ ᠦ᠌ ᠥᠴᠢᠭ

   ᠳᠠᠪᠬᠤᠷᠪᠠᠶᠠᠷ
ᠣᠷᠴᠢᠬᠤ ᠬᠣᠷᠸ᠋᠎ᠠ ᠣᠷᠴᠢᠯᠠᠩ ᠶᠢᠷᠲᠢᠨᠴᠦ
ᠣᠭᠲᠠᠷᠭᠤᠢ ᠳᠦᠭᠦᠷᠡᠩ ᠡᠦᠲᠦ ᠭᠠᠷᠠᠭ 
ᠦᠯᠡᠮᠵᠢ ᠭᠡᠭᠡᠨ ᠨᠠᠷᠠᠨ ᠰᠠᠷᠠᠨ
ᠡᠭᠦᠷᠢᠳᠡ ᠶ᠋ᠢᠨ ᠲᠡᠵᠢᠭᠡᠯ ᠡᠬᠡ ᠪᠠᠢᠭᠠᠯᠢ

ᠡᠳᠡᠭᠡᠷ ᠪᠦᠭᠦᠳᠡ ᠶ᠋ᠢ
ᠡᠪᠦᠷ ᠲᠡᠭᠡᠨ ᠪᠦᠪᠡᠢᠯᠡᠵᠦ
ᠡᠰᠡᠨ ᠮᠡᠲᠦ ᠪᠡᠷ ᠠᠮᠢᠨᠴᠢᠷᠬᠠᠨ ᠬᠠᠮᠠᠭᠠᠯᠠᠭᠰᠠᠨ
ᠡᠬᠡ ᠳᠡᠯᠡᠬᠡᠢ ᠶ᠋ᠢᠨ ᠬᠥᠷᠥᠰᠥᠨ ᠳᠡᠭᠡᠷ᠎ᠡ

ᠬᠥᠯᠲᠡᠨ ᠳᠡᠭᠡᠳᠦ ᠠᠮᠢᠲᠠᠨ ᠪᠣᠯᠵᠤ
ᠬᠥᠮᠦᠨ ᠵᠠᠶᠠᠭ᠎ᠠ ᠲᠠᠢ ᠲᠥᠷᠥᠭᠰᠡᠨ ᠢ᠋ᠶ᠋ᠡᠨ
ᠬᠤᠷᠮᠤᠰᠲᠠ ᠠ᠋ᠴᠠ ᠢᠪᠡᠭᠡᠵᠦ ᠥᠷᠥᠰᠢᠶᠡᠭᠰᠡᠨ
ᠬᠣᠪᠣᠷ ᠴᠤᠬᠠᠭ ᠢᠷᠦᠭᠡᠯ ᠭᠡᠵᠦ ᠰᠢᠲᠦᠳᠡᠭ

ᠳᠡᠯᠡᠬᠡᠢ ᠶ᠋ᠢᠨ ᠰᠠᠶ᠎ᠠ ᠠᠮᠢᠲᠠᠳ ᠠ᠋ᠴᠠ
ᠳᠡᠭᠡᠳᠦ ᠣᠶᠤᠨ ᠲᠠᠢ ᠬᠥᠮᠦᠨ ᠪᠣᠯᠵᠤ ᠲᠥᠷᠥᠭᠡᠳ
ᠳᠡᠮᠡᠢ ᠪᠠᠯᠠᠢ ᠲᠣᠯᠣᠭᠠᠢ ᠳᠡᠭᠦᠵᠢᠯᠡᠨ ᠶᠠᠪᠤᠵᠤ
ᠳᠠᠮ ᠲᠣᠮᠵᠢᠶ᠎ᠠ ᠦᠭᠡᠢ ᠬᠥᠯᠴᠥᠭᠦᠦ ᠰᠣᠭᠲᠣᠭᠤ ᠠᠮᠢᠳᠤᠷᠠᠵᠤ

ᠡᠯᠦᠨᠴᠡ ᠶ᠋ᠢᠨ ᠳᠠᠷᠬᠠᠨ
ᠡᠬᠡ ᠪᠠᠢᠭᠠᠯᠢ ᠪᠠᠨ ᠴᠥᠯᠪᠡᠵᠦ
ᠡᠷᠳᠡᠨᠢᠰ ᠦ᠋ᠨ ᠰᠠᠢᠬᠠᠨ
ᠡᠳ᠋ ᠠᠭᠤᠷᠬᠠᠢ ᠪᠠᠨ ᠠᠭᠤᠳᠠᠯᠵᠤ

ᠨᠠᠷᠠᠨ ᠤ᠋ ᠳᠣᠣᠷ᠎ᠠ
ᠨᠣᠶ᠋ᠢᠲᠠᠨ ᠬᠠᠮᠬᠤᠤᠯ ᠰᠢᠭ᠋ ᠪᠥᠮᠪᠥᠷᠢᠵᠦ
ᠰᠠᠷᠠᠨ ᠤ᠋ ᠳᠣᠣᠷ᠎ᠠ
ᠰᠢᠷᠦᠭᠦᠨ ᠠᠭᠠᠭ ᠰᠢᠭ᠋ ᠠᠭᠰᠠᠶ᠋ᠢᠵᠤ

ᠦᠨᠡᠨ ᠦ᠌ ᠲᠥᠯᠥᠭᠡ
ᠦᠭᠡ ᠬᠡᠯᠡᠬᠦ ᠲᠠᠮᠢᠷ ᠦᠭᠡᠢ
ᠥᠪᠡᠷ ᠦ᠋ᠨ ᠲᠥᠯᠥᠭᠡ
ᠦᠢᠯᠡᠰ ᠪᠤᠰᠬᠠᠬᠤ ᠲᠣᠬᠢᠶᠠᠯ  ᠦᠭᠡᠢ

ᠥᠷᠯᠥᠭᠡ ‍ᠶ᠋ᠢᠨ ᠤᠰᠤᠨ ᠰᠢᠭᠦᠳᠡᠷᠢ ᠰᠢᠭ
ᠦᠭᠡᠨ ᠦ᠌ ᠰᠠᠢᠬᠠᠨ ᠢ᠋ ᠶᠠᠷᠢᠵᠤ
ᠦᠳᠡᠰᠢ ᠶ᠋ᠢᠨ ᠰᠢᠷ᠎ᠠ ᠪᠦᠷᠦᠢ ᠰᠢᠭ
ᠥᠪᠡᠷ ᠢ᠋ ᠪᠡᠨ ᠥᠪᠡᠷ ᠢ᠋ᠶ᠋ᠡᠨ ᠪᠠᠯᠠᠯᠵᠤ

ᠳᠡᠯᠡᠬᠡᠢ ᠳ᠋ᠦ᠍ ᠢᠷᠡᠭᠡᠳ ᠪᠤᠴᠠᠬᠤ
ᠲᠣᠭ᠎ᠠ ᠲᠠᠢ ᠴᠤᠬᠠᠭ ᠨᠠᠰᠤ ᠪᠠᠨ
ᠲᠣᠭᠯᠠᠭᠠᠮ ᠤ᠋ᠨ ᠶᠠᠭᠤᠮ᠎ᠠ ᠰᠢᠭ᠋ ᠦᠷᠡᠵᠦ
ᠲᠣᠮᠣᠭ᠎ᠠ ᠦᠭᠡᠢ ᠰᠦᠢᠳᠬᠡᠵᠦ ᠶᠠᠪᠤᠵᠠᠢ

ᠪᠣᠯᠪᠠᠰᠤᠨ ᠳᠡᠭᠡᠳᠦᠰ ᠦ᠋ᠨ ᠵᠠᠩᠰᠢᠯ ᠢ᠋
ᠪᠤᠷᠤᠭᠤᠳᠬᠠᠨ ᠥᠭᠡᠷᠡᠴᠢᠯᠡᠵᠦ ᠰᠢᠨᠡᠳᠬᠡᠵᠦ ᠦᠵᠡᠯ᠎ᠡ
ᠪᠣᠰᠤᠭ᠎ᠠ ᠡᠬᠡ ᠬᠡᠯᠡ ᠪᠡᠨ
ᠪᠠᠭᠤᠯᠭᠠᠵᠤ ᠰᠣᠯᠢᠨ ᠬᠡᠪᠲᠡᠭᠦᠯᠵᠦ ᠦᠵᠡᠯ᠎ᠡ

ᠲᠠᠯ᠎ᠠ ᠶ᠋ᠢᠨ ᠰᠢᠮ᠎ᠡ ᠪᠡᠷ ᠦᠷᠡᠵᠢᠳᠡᠭ
ᠲᠠᠪᠤᠨ ᠬᠣᠰᠢᠭᠤ ᠮᠠᠯ ᠢ᠋ᠶ᠋ᠠᠨ
ᠲᠠᠸᠠᠷ ᠤ᠋ᠨ ᠥᠷᠲᠡᠭ ᠬᠦᠷᠭᠡᠨ᠎ᠡ ᠭᠡᠵᠦ
ᠲᠣᠭᠣᠭᠠᠨ ᠳᠣᠲᠣᠷ᠎ᠠ ᠬᠠᠰᠢᠶᠠᠯᠠᠵᠤ ᠦᠵᠡᠯ᠎ᠡ

ᠳᠡᠯᠡᠬᠡᠢ ᠶ᠋ᠢᠨ ᠲᠦᠪᠰᠢᠨ ᠡᠴᠡ ᠳᠠᠪᠠᠭᠰᠠᠨ
ᠲᠧᠭᠨᠢᠭ ᠰᠢᠨᠵᠢᠯᠡᠭᠡᠨ ᠢ᠋ ᠡᠭᠦᠳᠬᠦ ᠭᠡᠵᠦ
ᠲᠤᠨᠤᠳᠠᠰᠤ ᠬᠤᠷ᠎ᠠ ᠶ᠋ᠢ ᠤᠷᠢᠵᠤ
ᠲᠡᠭᠷᠢ ᠪᠠᠶ᠋ᠢᠭᠠᠯᠢ ᠪᠠᠨ ᠬᠠᠷᠪᠤᠵᠤ ᠦᠵᠡᠯ᠎ᠡ

ᠪᠦᠲᠦᠯ ᠦᠭᠡᠢ ᠡᠨᠡᠬᠦ ᠦᠢᠯᠡ ‍ᠶ᠋ᠢ
ᠪᠤᠷᠬᠠᠨ ᠬᠤᠷᠮᠤᠰᠲᠠ ᠴᠤ᠌ ᠵᠠᠯᠬᠠᠭᠠᠬᠤ ᠪᠣᠯᠵᠤ
ᠪᠣᠳᠣᠵᠤ ᠣᠯᠤᠮ᠎ᠠ ᠦᠭᠡᠢ ᠨᠢᠳᠦ ᠬᠠᠯᠲᠤᠷᠢᠮ᠎ᠠ 

ᠪᠠᠶ᠋ᠢᠭᠠᠯᠢ ᠶ᠋ᠢᠨ ᠭᠠᠮᠰᠢᠭ ᠤ᠋ᠳ ᠢᠯᠡᠷᠡᠬᠦ ᠪᠣᠯᠵᠠᠢ

ᠲᠡᠭᠷᠢ ᠭᠠᠵᠠᠷ ᠤ᠋ᠨ ᠵᠢᠮ᠎ᠡ ᠬᠠᠤᠯᠢ ᠶ᠋ᠢ
ᠲᠡᠷᠰᠯᠡᠵᠦ ᠵᠥᠷᠢᠴᠡᠵᠦ ᠶᠠᠪᠤᠭᠰᠠᠨ ᠢ᠋ᠶ᠋ᠠᠨ ᠮᠠᠷᠲᠠᠵᠤ
ᠳᠡᠯᠡᠬᠡᠢ ‍ᠳᠦ ᠪᠢ ᠶᠠᠯ᠎ᠠ ᠲᠠᠢ ᠬᠡᠮᠡᠬᠦ
ᠲᠡᠨᠡᠭ ᠬᠥᠮᠦᠨ ᠥᠴᠢᠭ  ᠢ᠋ᠶ᠋ᠡᠨ ᠪᠢᠴᠢᠯ᠎ᠡ


   2023.3.25
 ᠳᠠᠪᠠᠭᠠᠨᠠᠭᠤᠷ ᠲᠤ᠌
  ᠦᠰᠦᠭ ᠠᠮᠢᠯᠠᠭᠤᠯᠤᠭᠴᠢ ᠄ ᠠᠵᠠᠵᠠᠶᠠᠭ᠎ᠠ
  ᠬᠢᠨᠠᠭᠴᠢ ᠄ ᠣᠳᠬᠠᠨᠰᠸ᠋᠎ᠠ