ᠮᠣᠩᠭᠣᠯ ᠪᠦᠰᠡᠭᠦᠢ- ᠣᠶ᠋ᠢᠮᠠᠳ ᠬᠦᠭᠵᠢᠯᠪᠠᠶᠠᠷМонгол бүсгүй-оёмэд хөгжлбаяр
ᠮᠣᠩᠭᠣᠯ ᠪᠦᠰᠡᠭᠦᠢ- ᠣᠶ᠋ᠢᠮᠠᠳ ᠬᠦᠭᠵᠢᠯᠪᠠᠶᠠᠷ
— ᠣᠶ᠋ᠢᠮᠠᠳ ᠬᠦᠭᠵᠢᠯᠪᠠᠶᠠᠷ
ᠮᠠᠨᠳᠤᠬᠤ ᠡᠳᠦᠷ ᠦ᠋ᠨ ᠬᠥᠰᠢᠭᠡ ᠶ᠋ᠢ
ᠳᠣᠷᠣᠨ᠎ᠠ ᠲᠡᠭᠷᠢ ᠠ᠋ᠴᠠ ᠰᠡᠬᠦᠵᠦ
ᠮᠠᠯᠴᠢᠨ ᠠᠶ᠋ᠢᠯ ᠤ᠋ᠨ ᠭᠣᠯᠣᠮᠲᠠ ᠶ᠋ᠢ
ᠲᠣᠰᠣ ᠮᠢᠯᠢᠶᠠᠨ ᠰᠢᠯᠢᠭᠡᠵᠦ
ᠮᠠᠯ ᠤ᠋ᠨ ᠮᠥᠷ ᠲᠡᠢ ᠠᠮᠢᠳᠤᠷᠠᠯ ᠊ᠢ
ᠲᠠᠯ᠎ᠠ ᠶ᠋ᠢᠨ ᠪᠡᠯᠴᠢᠭᠡᠷ ᠲᠦ᠍ ᠵᠠᠯᠠᠵᠤ
ᠮᠣᠩᠭᠣᠯ ᠤᠳᠤᠮ ᠤ᠋ᠨ ᠵᠢᠷᠤᠭ ᠊ᠢ
ᠤᠲᠤᠭ᠎ᠠ ᠲᠠᠢ ᠦᠦᠷᠰᠡᠭᠡ ᠲᠡᠢ ᠨᠢ ᠪᠤᠳᠤᠭᠯᠠᠭᠰᠠᠨ
ᠭᠡᠶ᠋ᠢᠴᠢᠨ ᠵᠣᠴᠢᠨ ᠳ᠋ᠠᠭᠠᠨ
ᠴᠠᠢ ᠪᠠᠨ ᠡᠷᠭᠦᠭᠰᠡᠨ ᠭᠠᠷ ᠨᠢ ᠴᠠᠭᠠᠨ
ᠭᠡᠷ ᠡᠴᠡ ᠪᠡᠨ ᠬᠣᠯᠠᠳᠤᠭᠰᠠᠨ ᠬᠡᠦᠬᠡᠳ ᠢ᠋ᠶ᠋ᠡᠨ
ᠪᠠᠷᠠᠯᠠᠬᠤ ᠬᠠᠷᠠᠴᠠ ᠨᠢ
ᠠᠯᠤᠰ
ᠬᠣᠯᠠ ᠠᠶᠠᠯᠠᠬᠤ ᠳ᠋ᠤ᠌
ᠰᠠᠶᠢᠨ ᠵᠥᠩᠨᠡᠯ ᠨᠢ ᠰᠠᠬᠢᠭᠤᠰᠤ ᠪᠣᠯᠳᠠᠭ
ᠬᠣᠲᠠ ᠪᠠᠨ ᠪᠠᠷᠠᠭᠠᠳᠠᠬᠤ ᠳ᠋ᠤ᠌
ᠢᠨᠢᠶᠡᠳᠦ ᠲᠡᠢ ᠤᠭᠲᠤᠬᠤ ᠰᠦᠨ ᠡᠩᠭᠡᠷ
ᠥᠭᠡᠷ᠎ᠡ ᠠᠶ᠋ᠢᠯ ᠤ᠋ᠨ ᠥᠯᠥᠭᠡᠢ ᠳ᠋ᠦ᠍ ᠦᠰᠦᠭᠰᠡᠨ
ᠳᠠᠭᠢᠨᠢ ᠪᠤᠯᠪᠠᠷᠠᠢ
ᠥᠪᠡᠷ ᠦ᠋ᠨ ᠢ᠋ᠶ᠋ᠡᠨ ᠨᠥᠬᠥᠷ ᠊ᠢ ᠡᠴᠢᠭᠡ ᠰᠠᠭᠤᠯᠭᠠᠭᠰᠠᠨ
ᠦᠨᠡᠨᠴᠢ ᠠᠨᠳᠠᠭᠠᠢ
ᠬᠦᠨᠳᠦᠯᠡᠵᠦ ᠬᠥᠲᠥᠯᠵᠦ
ᠬᠡᠳᠦᠨ ᠦᠶ᠎ᠡ ᠶ᠋ᠢ ᠡᠪᠯᠡᠬᠦ ᠬᠣᠯᠪᠣᠭ᠎ᠠ
ᠬᠥᠮᠦᠨ ᠵᠠᠶᠠᠭᠠᠨ ᠳ᠋ᠤ᠌ ᠳᠤᠲᠠᠵᠤ ᠪᠣᠯᠣᠰᠢ ᠦᠭᠡᠢ
ᠨᠥᠬᠥᠭᠡ ᠬᠠᠭᠠᠰ ᠨᠢ
ᠲᠣᠯᠪᠣ ᠲᠠᠢ ᠦᠷᠡᠰ ᠲᠦ᠍
ᠪᠦᠪᠡᠢ ᠶ᠋ᠢᠨ ᠳᠠᠭᠤᠤ ᠠᠶᠠᠯᠬᠤ ᠳᠠᠭᠤᠴᠢᠨ
ᠲᠠᠪᠤᠨ ᠮᠥᠰᠥ ᠪᠡᠷ ᠬᠡᠦᠬᠡᠳ ᠢ᠋ᠶ᠋ᠡᠨ ᠰᠤᠷᠭᠠᠬᠤ
ᠤᠯᠠᠮᠵᠢᠯᠠᠯᠲᠤ
ᠪᠠᠭᠰᠢᠲᠠᠨ
ᠲᠤᠭᠤᠯ ᠡᠷᠭᠢᠭᠦᠯᠵᠦ ᠲᠣᠷᠭ᠎ᠠ ᠡᠰᠬᠡᠬᠦ
ᠤᠷᠠᠨ ᠠᠵᠢᠯᠴᠢᠨ
ᠲᠤᠭ ᠠᠳᠬᠤᠵᠤ ᠲᠠᠮᠠᠭ᠎ᠠ ᠴᠤ᠌ ᠲᠦᠰᠢᠬᠦ
ᠲᠥᠷᠥ ᠶ᠋ᠢᠨ ᠵᠢᠯᠤᠭᠤᠴᠢᠨ
ᠬᠠᠨᠠᠭᠠᠷ ᠲᠠᠯ᠎ᠠ ᠶ᠋ᠢᠨ ᠤᠬᠠᠭᠠᠨ ᠳ᠋ᠠᠭᠠᠨ
ᠰᠠᠯᠬᠢᠨ ᠵᠥᠭᠡᠯᠡᠨ ᠡᠨᠡᠷᠢᠯ ᠲᠡᠢ
ᠬᠠᠨ ᠳᠡᠯᠡᠬᠡᠢ ᠬᠠᠶ᠋ᠢᠷ᠎ᠠ ᠶ᠋ᠢᠨ ᠮᠥᠷᠡᠨ ᠨᠢ
ᠤᠷᠤᠰᠬᠠᠯ ᠥᠨᠢ ᠲᠠᠰᠤᠷᠠᠬᠤ ᠦᠭᠡᠢ
ᠬᠠᠯᠠᠭᠤᠨ ᠨᠠᠷᠠᠨ ᠪᠣᠳᠢ ᠰᠡᠳᠬᠢᠯ ᠲᠡᠢ
ᠠᠴᠢ ᠭᠤᠸ᠎ᠠ ᠪᠤᠷᠬᠠᠳ
ᠬᠠᠲᠤᠨ ᠵᠠᠶᠠᠭ᠎ᠠ ᠬᠡᠯᠬᠢᠭᠰᠡᠨ
ᠮᠣᠩᠭᠣᠯᠵᠢᠨ ᠭᠤᠸ᠎ᠠ ᠪᠦᠰᠡᠭᠦᠶ᠋ᠢᠴᠦᠳ ᠶᠦ᠍ᠮ !
2020.3.8
ᠣᠶ᠋ᠢᠮᠠᠳ ᠭᠦᠭᠵᠢᠯᠪᠠᠶᠠᠷ ᠪᠠᠭᠰᠢᠲᠠᠨ ᠤ᠋ ᠰᠢᠯᠦᠭ ᠡᠴᠡ
ᠤᠶᠠᠩᠭᠠᠯᠠᠨ
ᠠᠮᠢᠯᠠᠭᠤᠯᠤᠭᠴᠢ ᠄ ᠡᠷᠲᠡᠨᠢᠬᠦᠦ
ᠬᠢᠨᠠᠭᠴᠢ ᠄ ᠣᠤᠠᠬᠠᠨᠰᠣ᠎ᠡ
