ᠨᠠᠮ᠎ᠠ ᠶᠢ ᠬᠦᠯᠢᠶᠡᠵᠦ ᠪᠠᠢᠭᠠᠷᠠᠢ - ᠠᠷᠲᠠᠢНамыг хүлээж байгаарай-артай
ᠨᠠᠮ᠎ᠠ ᠶᠢ ᠬᠦᠯᠢᠶᠡᠵᠦ ᠪᠠᠢᠭᠠᠷᠠᠢ
ᠠᠷᠲᠠᠢ
ᠮᠢᠨᠦ ᠰᠠᠢᠬᠠ ᠣᠷᠣᠨ
ᠠᠭᠤᠳᠠᠮ ᠰᠠᠷᠠᠭᠤᠯᠬᠠᠨ ᠲᠠᠯ᠎ᠠ ᠲᠠᠢ
ᠮᠢᠩᠭᠠᠨ ᠴᠡᠴᠡᠭ ᠠᠯᠠᠭᠯᠠᠭᠰᠠᠨ
ᠤᠷᠭᠤᠴᠠ ᠪᠠᠶᠠᠨ ᠪᠡᠯᠴᠢᠭᠡᠷ ᠲᠡᠢ
ᠴᠠᠭᠠᠨ ᠡᠭᠦᠯᠡ ᠰᠢᠭ ᠬᠣᠨᠢᠳ
ᠪᠡᠯᠴᠢᠭᠡᠷ ᠳᠡᠭᠡᠭᠦᠷ ᠨᠢ ᠬᠥᠪᠳᠡᠭ ᠶᠦ᠍ᠮ
ᠴᠠᠬᠢᠯᠭᠠᠨ ᠬᠤᠷᠳᠤᠨ ᠬᠦᠯᠦᠭ ᠦ᠋ᠳ
ᠴᠡᠴᠡᠭ ᠳᠡᠭᠡᠭᠦᠷ ᠨᠢ ᠨᠢᠰᠳᠡᠭ ᠶᠦ᠍ᠮ
ᠡᠶ᠋ᠢᠮᠦ ᠰᠠᠢᠬᠠᠨ ᠣᠷᠣᠨ ᠳ᠋ᠤ᠌
ᠮᠠᠯᠴᠢᠨ ᠤ᠋ ᠬᠦᠦ ᠪᠢ ᠲᠥᠷᠥᠭᠰᠡᠨ ᠶᠦ᠍ᠮ
ᠡᠵᠢ ᠶ᠋ᠢᠨ ᠳᠤᠯᠠᠭᠠᠨ ᠡᠪᠦᠷ ᠰᠢᠭ
ᠮᠠᠩᠨᠤᠭ ᠲᠠᠯ᠎ᠠ ᠪᠠᠨ ᠬᠠᠶ᠋ᠢᠷᠠᠯᠠᠲᠠᠭ ᠶᠤᠮ ᠃
ᠮᠢᠨᠦ ᠰᠠᠢᠬᠠᠨ ᠣᠷᠣᠨ
ᠥᠨᠳᠥᠷ ᠰᠦᠷᠯᠢᠭ ᠠᠭᠤᠯᠠ ᠲᠠᠢ
ᠴᠡᠩᠬᠡᠷ ᠮᠠᠨᠠᠨ ᠬᠥᠰᠢᠭᠡᠯᠡᠭᠰᠡᠨ
ᠦᠵᠦᠮ ᠵᠢᠮᠢᠰᠲᠦ ᠣᠢ ᠲᠠᠢ
ᠠᠯᠲᠠ ᠮᠥᠩᠭᠥᠨ ᠦ᠌ ᠪᠤᠯᠠᠭᠳᠠᠴᠠ
ᠲᠡᠪᠡᠷᠢ ᠳ᠋ᠦ᠍ ᠨᠢ ᠳᠦᠭᠦᠷᠡᠩ ᠪᠠᠶ᠋ᠢᠲᠠᠭ ᠶᠤᠮ
ᠠᠷᠰᠯᠠᠨ ᠪᠤᠭᠤ ᠭᠥᠷᠥᠭᠡᠰᠦ
ᠡᠪᠦᠷ ᠲᠦ᠍ ᠨᠢ ᠲᠣᠭᠯᠠᠨ ᠨᠠᠭᠠᠳᠳᠠᠭ ᠶᠤᠮ
ᠡᠶ᠋ᠢᠮᠦ ᠰᠠᠢᠬᠠᠨ ᠣᠷᠣᠨ ᠳ᠋ᠤ᠌
ᠮᠠᠯᠴᠢᠨ ᠤ᠋ ᠬᠦᠦ ᠪᠢ ᠲᠥᠷᠥᠭᠰᠡᠨ ᠶᠦ᠍ᠮ
ᠡᠴᠢᠭᠡ ᠶ᠋ᠢᠨ ᠠᠷᠢᠭᠤᠨ ᠰᠦᠷ ᠰᠢᠭ
ᠮᠠᠨᠳᠠᠯ ᠬᠠᠶ᠋ᠢᠷᠬᠠᠨ ᠢ᠋ᠶ᠋ᠠᠨ ᠬᠠᠮᠠᠭᠠᠯᠠᠳᠠᠭ ᠶᠤᠮ ᠃
ᠮᠢᠨᠦ ᠰᠠᠢᠬᠠᠨ ᠣᠷᠣᠨ
ᠰᠢᠯ ᠦ᠋ᠨ ᠪᠣᠯᠣᠷ ᠮᠥᠷᠡᠨ ᠲᠡᠢ
ᠮᠠᠨᠳᠤᠬᠤ ᠨᠠᠷᠠᠨ ᠤ᠋ ᠲᠤᠶᠠᠭᠠᠨ ᠳ᠋ᠤ᠌
ᠰᠢᠭᠢᠳᠬᠡᠭᠡ ᠬᠠᠶᠠᠯᠠᠭᠰᠠᠨ ᠳᠣᠯᠭᠢᠶ᠎ᠠ ᠲᠠᠢ
ᠮᠥᠷᠭᠥ ᠬᠡᠯᠲᠡᠭᠡ ᠵᠢᠭᠠᠰᠤ ᠨᠤᠭᠤᠳ
ᠤᠰᠤᠨ ᠳ᠋ᠤ᠌ ᠨᠢ ᠴᠣᠯᠭᠢᠯᠠᠵᠤ ᠪᠠᠶ᠋ᠢᠲᠠᠭ ᠶᠤᠮ
ᠮᠣᠩᠭᠣᠯ ᠤᠷᠲᠤ ᠶ᠋ᠢᠨ ᠳᠠᠭᠤᠤ ᠶ᠋ᠢ
ᠤᠷᠤᠰᠬᠠᠯ ᠨᠢ ᠳᠠᠭᠤᠯᠠᠵᠤ ᠶᠠᠪᠤᠳᠠᠭ ᠶᠤᠮ
ᠡᠶ᠋ᠢᠮᠦ ᠰᠠᠢᠬᠠᠨ ᠣᠷᠣᠨ ᠳ᠋ᠤ᠌
ᠮᠠᠯᠴᠢᠨ ᠤ᠋ ᠬᠦᠦ ᠪᠢ ᠲᠥᠷᠥᠭᠰᠡᠨ ᠶᠦ᠍ᠮ
ᠡᠯᠢᠭᠡᠨ ᠭᠤᠷᠪᠠᠨ ᠰᠤᠳᠠᠰᠤ ᠪᠠᠨ ᠰᠢᠭ᠋
ᠡᠷᠴᠢᠲᠦ ᠮᠥᠷᠡᠨ ᠢ᠋ᠶ᠋ᠡᠨ ᠪᠣᠳᠣᠳᠠᠭ ᠶᠤᠮ ᠃
ᠮᠢᠨᠦ ᠰᠠᠢᠬᠠᠨ ᠣᠷᠣᠨ
ᠠᠰᠠᠷ ᠪᠠᠷᠢᠯᠭ᠎ᠠ ᠬᠣᠲᠠ ᠲᠠᠢ
ᠮᠠᠰᠢᠨ ᠮᠣᠲ᠋ᠣᠷ ᠬᠦᠩᠭᠢᠨᠡᠭᠰᠡᠨ
ᠠᠪᠤᠷᠭᠤ ᠲᠣᠮᠣ ᠦᠢᠯᠡᠳᠪᠦᠷᠢ ᠲᠡᠢ
ᠮᠡᠳᠡᠯᠭᠡ ᠰᠣᠶᠣᠯ ᠤ᠋ᠨ ᠴᠡᠴᠡᠭ ᠦ᠋ᠳ
ᠠᠰᠠᠷ ᠲᠤ᠌ ᠨᠢ ᠳᠡᠯᠭᠡᠷᠡᠵᠦ ᠪᠠᠶ᠋ᠢᠲᠠᠭ ᠶᠤᠮ
ᠮᠡᠷᠭᠡᠵᠢᠯ ᠣᠲᠣᠬᠢᠴᠢᠯᠠᠯ ᠤ᠋ᠨ ᠪᠦᠲᠦᠭᠡᠯ ᠢ᠋ᠶ᠋ᠡᠷ
ᠠᠯᠲᠠᠨ ᠰᠧᠺᠦᠢᠨᠳ᠋ ᠨᠢ ᠴᠣᠬᠢᠯᠠᠳᠠᠭ ᠶᠤᠮ
ᠡᠶ᠋ᠢᠮᠦ ᠰᠠᠢᠬᠠᠨ ᠣᠷᠣᠨ ᠳ᠋ᠤ᠌
ᠮᠠᠯᠴᠢᠨ ᠤ᠋ ᠬᠦᠦ ᠪᠢ ᠲᠥᠷᠥᠭᠰᠡᠨ ᠶᠦ᠍ᠮ
ᠡᠪ ᠬᠠᠮᠲᠤ ᠶᠣᠰᠣᠨ ᠤ᠋ ᠦᠢᠯᠡᠰ ᠦ᠋ᠨ
ᠴᠡᠴᠡᠭ ᠨᠢ ᠪᠣᠯᠵᠤ ᠤᠷᠭᠤᠭᠰᠠᠨ ᠶᠤᠮ ᠃
ᠮᠢᠨᠦ ᠰᠠᠢᠬᠠᠨ ᠣᠷᠣᠨ
ᠥᠯᠵᠡᠶ᠋ᠢᠲᠦ ᠮᠣᠩᠭᠣᠯ ᠭᠡᠷ ᠲᠡᠢ
ᠮᠥᠩᠬᠡ ᠶ᠋ᠢᠨ ᠤᠯᠠᠭᠠᠨ ᠭᠠᠯ ᠢ᠋ᠶ᠋ᠠᠷ
ᠥᠨᠢᠳᠡ ᠪᠠᠳᠠᠷᠠᠬᠤ ᠭᠣᠯᠣᠮᠲᠠ ᠲᠠᠢ
ᠠᠮᠢᠯᠠᠯ ᠤ᠋ᠨ ᠰᠠᠷᠠᠭᠤᠯ ᠲᠤᠶᠠᠭ᠎ᠠ
ᠲᠣᠭᠣᠨᠣ ᠪᠠᠷ ᠨᠢ ᠲᠣᠰᠴᠤ ᠪᠠᠶ᠋ᠢᠲᠠᠭ ᠶᠤᠮ
ᠠᠮᠢᠳᠤᠷᠠᠯ ᠤ᠋ᠨ ᠠᠷᠢᠭᠤᠨ ᠰᠦ
ᠲᠣᠭᠣᠭᠠᠨ ᠳ᠋ᠤ᠌ ᠨᠢ ᠪᠤᠴᠠᠯᠵᠤ ᠪᠠᠶ᠋ᠢᠲᠠᠭ ᠶᠤᠮ
ᠡᠶ᠋ᠢᠮᠦ ᠰᠠᠢᠬᠠᠨ ᠣᠷᠣᠨ ᠳ᠋ᠤ᠌
ᠮᠠᠯᠴᠢᠨ ᠤ᠋ ᠬᠦᠦ ᠪᠢ ᠲᠥᠷᠥᠭᠰᠡᠨ ᠶᠦ᠍ᠮ
ᠢᠰᠡᠭᠡᠢ ᠴᠠᠭᠠᠨ ᠭᠡᠷ ᠢ᠋ᠶ᠋ᠡᠨ ᠰᠢᠭ
ᠡᠬᠡ ᠣᠷᠣᠨ ᠢ᠋ᠶ᠋ᠠᠨ ᠰᠠᠨᠠᠳᠠᠭ ᠶᠤᠮ ᠃
ᠮᠢᠨᠦ ᠰᠠᠢᠬᠠᠨ ᠣᠷᠣᠨ
ᠠᠵᠢᠯᠴᠢ ᠴᠡᠴᠡᠨ ᠠᠷᠠᠳ ᠲᠠᠢ
ᠮᠠᠨᠳᠤᠭᠰᠠᠨ ᠨᠠᠮ ᠳ᠋ᠤ᠌ ᠪᠠᠨ ᠵᠢᠳᠬᠦᠬᠦ
ᠠᠷᠢᠭᠤᠨ ᠰᠢᠳᠤᠷᠭᠤ ᠰᠡᠳᠬᠢᠯ ᠲᠡᠢ
ᠳᠠᠯᠠᠢ ᠪᠠᠶᠠᠨ ᠵᠢᠷᠭᠠᠯ ᠊ᠢ
ᠠᠷᠠᠳ ᠨᠢ ᠪᠦᠲᠦᠭᠡᠵᠦ ᠪᠠᠶ᠋ᠢᠲᠠᠭ ᠶᠤᠮ
ᠳᠠᠶᠠᠩ ᠳᠡᠯᠡᠬᠡᠢ ᠶ᠋ᠢᠨ ᠨᠢᠳᠦᠨ ᠳ᠋ᠦ᠍
ᠠᠮᠵᠢᠯᠲᠠ ᠨᠢ ᠭᠢᠯᠠᠯᠵᠠᠵᠤ ᠪᠠᠶ᠋ᠢᠲᠠᠭ ᠶᠤᠮ
ᠡᠶ᠋ᠢᠮᠦ ᠰᠠᠢᠬᠠᠨ ᠣᠷᠣᠨ ᠳ᠋ᠤ᠌
ᠮᠠᠯᠴᠢᠨ ᠤ᠋ ᠬᠦᠦ ᠪᠢ ᠲᠥᠷᠥᠭᠰᠡᠨ ᠶᠦ᠍ᠮ
ᠡᠷᠡᠯᠬᠡᠭ ᠪᠠᠭᠠᠲᠤᠷ ᠠᠷᠠᠳ ᠤ᠋ᠨ ᠢ᠋ᠶ᠋ᠠᠨ
ᠮᠡᠷᠭᠡᠨ ᠰᠤᠷᠭᠠᠯ ᠢ᠋ᠶ᠋ᠠᠷ ᠪᠣᠶ᠋ᠢᠵᠢᠬᠰᠠᠨ ᠶᠤᠮ ᠃
ᠳᠠᠭᠵᠢᠨ ᠮᠠᠨᠳᠤᠬᠤ ᠪᠡᠯᠭᠡ ᠲᠡᠢ
ᠳᠡᠯᠭᠡᠷ ᠪᠠᠶᠠᠨ ᠵᠠᠶᠠᠭ᠎ᠠ ᠲᠠᠢ
ᠳᠡᠭᠡᠳᠦᠰ ᠬᠣᠶ᠋ᠢᠴᠢ ᠦᠭᠡᠢ ᠵᠣᠷᠢᠭ ᠲᠠᠢ
ᠳᠡᠯᠡᠬᠡᠢ ᠳ᠋ᠦ᠍ ᠬᠣᠣᠰ ᠦᠭᠡᠢ ᠵᠣᠯᠪᠣᠭ᠎ᠠ ᠲᠠᠢ
ᠰᠠᠷᠠᠨ ᠤ᠋ ᠲᠤᠶᠠᠭᠠᠨ ᠳ᠋ᠤ᠌ ᠰᠠᠷᠠᠭᠤᠯᠵᠢᠵᠤ
ᠨᠠᠷᠠᠨ ᠤ᠋ ᠲᠤᠶᠠᠭᠠᠨ ᠳ᠋ᠤ᠌ ᠭᠢᠯᠠᠯᠵᠠᠭᠰᠠᠨ
ᠰᠠᠢᠬᠠᠨ ᠡᠬᠡ ᠣᠷᠣᠨ ᠮᠢᠨᠢ
ᠨᠠᠮ᠎ᠠ ᠶ᠋ᠢ ᠬᠦᠯᠢᠶᠡᠵᠦ ᠪᠠᠶ᠋ᠢᠭᠠᠷᠠᠢ
ᠡᠷᠳᠡᠮ ᠮᠡᠳᠡᠯᠭᠡ ᠰᠤᠷᠤᠭᠠᠳ
ᠡᠷ᠎ᠡ ᠶ᠋ᠢᠨ ᠴᠡᠭᠡᠯ ᠳ᠋ᠦ᠍ ᠬᠦᠷᠦᠭᠡᠳ
ᠡᠬᠡ ᠣᠷᠣᠨ ᠴᠢᠮ᠎ᠠ ᠳ᠋ᠤ᠌ ᠪᠠᠨ
ᠡᠨᠡ ᠪᠡᠶ᠎ᠡ ᠪᠡᠨ ᠵᠣᠷᠢᠭᠤᠯᠤᠨ᠎ᠠ ᠪᠢ !
ᠦᠰᠦᠭ ᠠᠮᠢᠯᠠᠭᠤᠯᠤᠭᠴᠢ ᠄ ᠭᠠᠷᠮ᠎ᠠ
ᠬᠢᠨᠠᠭᠴᠢ ᠄ ᠣᠤᠠᠬᠠᠨᠰᠣ᠎ᠠ
