ᠢᠷᠦᠭᠡᠯᠲᠦ ᠴᠠᠭᠠᠨ ᠮᠣᠩᠭᠣᠯ ᠭᠡᠷЕрөөлт цагаан монгол гэр
ᠢᠷᠦᠭᠡᠯᠲᠦ ᠴᠠᠭᠠᠨ
ᠮᠣᠩᠭᠣᠯ ᠭᠡᠷ
ᠡᠷᠳᠡᠨᠢ ᠰᠢᠬᠦᠷᠲᠦ ᠲᠣᠭᠣᠨᠣ ᠲᠠᠢ
ᠡᠩᠬᠦᠷᠡᠢ ᠠᠯᠲᠠᠨ ᠪᠣᠱᠣᠭ᠎ᠠ ᠲᠠᠢ
ᠵᠠᠭᠤᠨ ᠨᠠᠢ᠍ᠮᠠᠨ ᠣᠨᠢ ᠲᠠᠢ
ᠵᠢᠷᠭᠤᠭᠠᠨ ᠶᠡᠬᠡ ᠬᠠᠨ᠎ᠠ ᠲᠠᠢ
ᠬᠥᠪᠥᠩ ᠴᠠᠭᠠᠨ ᠡᠷᠦᠬᠡ ᠲᠡᠢ
ᠬᠥᠯᠳᠦᠷᠭᠡᠲᠦ ᠴᠠᠭᠠᠨ ᠳᠡᠭᠡᠪᠦᠷ ᠲᠡᠢ
ᠥᠷᠭᠡᠨ ᠴᠠᠭᠠᠨ ᠲᠤᠭᠤᠷᠭ᠎ᠠ ᠲᠠᠢ
ᠥᠭᠡᠳᠡᠩ ᠬᠠᠷ᠎ᠠ ᠪᠦᠰᠡᠯᠡᠭᠦᠷ ᠲᠡᠢ
ᠭᠠᠷ ᠤ᠋ᠨ ᠤᠷᠠᠯᠢᠭ ᠢ᠋ ᠭᠠᠢᠬᠠᠭᠤᠯᠤᠭᠰᠠᠨ
ᠭᠠᠢᠬᠠᠮᠰᠢᠭᠲᠤ
ᠴᠠᠭᠠᠨ ᠮᠣᠩᠭᠣᠯ ᠭᠡᠷ
ᠭᠠᠯᠪᠠ ᠳᠡᠯᠡᠬᠡᠢ ᠳ᠋ᠦ᠍ ᠬᠣᠣᠰ ᠦᠭᠡᠢ
ᠦᠵᠡᠰᠬᠦᠯᠡᠩᠲᠦ ᠴᠠᠭᠠᠨ ᠮᠣᠩᠭᠣᠯ ᠭᠡᠷ
ᠠᠷᠪᠠᠨ ᠳᠡᠰ ᠣᠨ ᠰᠠᠯᠬᠢᠨ ᠳ᠋ᠤ᠌
ᠬᠥᠳᠥᠯᠥᠰᠢ ᠦᠭᠡᠢ ᠴᠢᠭᠲᠠᠭ᠎ᠠ ᠲᠠᠢ
ᠠᠭᠠᠳᠠᠷ ᠰᠢᠷᠦᠭᠦᠨ ᠪᠣᠷᠣᠭᠠᠨ ᠳ᠋ᠤ᠌
ᠨᠡᠪᠲᠡᠷᠡᠰᠢ ᠦᠭᠡᠢ ᠪᠦᠷᠢᠶᠡᠰᠦ ᠲᠡᠢ
ᠬᠥᠬᠡᠭᠡ ᠡᠪᠦᠯ ᠦ᠋ᠨ ᠬᠦᠢᠲᠡᠨ ᠳ᠋ᠤ᠌
ᠬᠥᠰᠢᠭᠡ ᠶ᠋ᠢ ᠨᠢ ᠲᠠᠲᠠᠴᠢᠬᠠᠪᠠᠯ ᠳᠤᠯᠠᠭᠠᠬᠠᠨ
ᠲᠤᠩᠭᠠᠯᠠᠭ ᠵᠤᠨ ᠤ᠋ ᠬᠠᠯᠠᠭᠤᠨ ᠳ᠋ᠤ᠌
ᠲᠤᠭᠤᠷᠭ᠎ᠠ ᠶᠢ ᠨᠢ ᠰᠡᠬᠦᠴᠢᠬᠡᠪᠡᠯ
ᠰᠡᠷᠢᠭᠦᠬᠡᠨ
ᠴᠢ ᠪᠢᠳᠡᠨ ᠳ᠋ᠦ᠍ ᠵᠠᠶᠠᠭᠠᠭᠰᠠᠨ ᠢᠷᠦᠭᠡᠯᠲᠦ ᠴᠠᠭᠠᠨ ᠮᠣᠩᠭᠣᠯ
ᠭᠡᠷ
ᠴᠡᠩᠭᠡᠯ ᠪᠠᠶᠠᠷ ᠪᠢᠯᠬᠠᠭᠰᠠᠨ ᠪᠠᠶᠠᠰᠬᠤᠯᠠᠩᠲᠤ ᠴᠠᠭᠠᠨ ᠮᠣᠩᠭᠣᠯ
ᠭᠡᠷ
ᠥᠷᠭᠡᠨ ᠴᠠᠭᠠᠨ ᠰᠢᠷᠲᠡᠭ ᠳᠡᠭᠡᠷ᠎ᠡ ᠨᠢ
ᠥᠩᠭᠡ ᠶᠢᠨ ᠬᠡᠪᠢᠰ ᠮᠢᠷᠠᠯᠵᠠᠭᠰᠠᠨ
ᠡᠷᠢᠶᠡᠨ ᠬᠤᠸᠠᠷ ᠲᠠᠢ ᠬᠠᠢᠷᠴᠠᠭ ᠳᠡᠭᠡᠷ᠎ᠡ ᠨᠢ
ᠡᠭᠡᠰᠢᠭᠲᠦ ᠷᠠᠳᠢᠣ᠋ ᠬᠠᠩᠭᠢᠨᠠᠭᠰᠠᠨ
ᠰᠢᠵᠢᠷ ᠴᠠᠭᠠᠷᠢᠭᠲᠤ ᠭᠠᠩ ᠳ᠋ᠤᠨᠢ
ᠰᠢᠮᠡᠳᠦ ᠠᠢᠷᠠᠭ ᠬᠥᠭᠡᠰᠦᠷᠥᠭᠰᠡᠨ
ᠱ᠌ᠢᠷᠦᠨ ᠤᠯᠠᠭᠠᠨ ᠪᠣᠳᠣᠩ ᠳ᠋ᠤᠨᠢ
ᠰᠢᠷ᠎ᠠ ᠲᠣᠰᠣ ᠪᠢᠯᠬᠠᠷᠠᠭᠰᠠᠨ
ᠴᠡᠭᠡ ᠠᠢᠷᠠᠭ ᠬᠠᠩᠬᠤᠯᠤᠭᠰᠠᠨ
ᠥᠯᠵᠡᠢᠲᠦ ᠴᠠᠭᠠᠨ ᠮᠣᠩᠭᠣᠯ ᠭᠡᠷ
ᠴᠡᠯᠡᠭᠡᠷ ᠲᠠᠯ᠎ᠠ ᠪᠠᠷ ᠨᠡᠭᠦᠳᠡᠯᠯᠡᠭᠰᠡᠨ
ᠲᠡᠦᠬᠡᠲᠦ ᠴᠠᠭᠠᠨ ᠮᠣᠩᠭᠣᠯ ᠭᠡᠷ
ᠡᠪᠡᠰᠦ ᠤᠰᠤ ᠮᠠᠭᠤᠳᠠᠭᠠᠳ ᠬᠥᠳᠡᠯᠦᠶ᠎ᠡ ᠭᠡᠪᠡᠯ ᠠᠴᠢᠴᠢᠬᠠᠨᠠ
ᠥᠨᠥ ᠮᠠᠷᠭᠠᠰᠢ ᠬᠡᠵᠢᠶ᠎ᠡ ᠴᠦ᠍ ᠨᠡᠭᠦᠶ᠎ᠡ ᠭᠡᠪᠡᠯ
ᠨᠡᠭᠦᠴᠢᠬᠡᠨᠡ
ᠰᠢᠮᠡᠳᠦ ᠪᠡᠯᠴᠢᠭᠡᠷ ᠬᠠᠮᠢᠭ᠎ᠠ ᠪᠣᠯ ᠲᠡᠨᠳᠡ ᠨᠡᠭᠦᠭᠡᠳ
ᠪᠠᠭᠤᠴᠢᠬᠠᠨ᠎ᠠ
ᠰᠢᠨ᠎ᠡ ᠰᠣᠷᠭᠣᠭ ᠨᠤᠲᠤᠭ ᠲᠤ᠌ ᠥᠷᠭᠥᠭᠡ ᠭᠡᠷ ᠪᠠᠨ ᠪᠠᠷᠢᠴᠢᠬᠠᠨᠠ
ᠨᠠᠷᠠᠨ ᠮᠠᠨᠳᠤᠯᠳᠤ ᠠᠭᠤᠯᠠ ᠶᠢᠨ ᠢ᠋ᠶ᠋ᠡᠨ ᠡᠩᠭᠡᠷ ᠳᠡᠭᠡᠷ᠎ᠡ ᠨᠢ ᠪᠠᠭᠤᠴᠠ ᠲᠠᠢ
ᠨᠠᠪᠴᠢ ᠴᠡᠴᠡᠭᠲᠦ ᠲᠠᠯ᠎ᠠ ᠶᠢᠨ ᠢ᠋ᠶ᠋ᠡᠨ ᠡᠯᠢᠭᠡᠨ ᠳᠡᠭᠡᠷ᠎ᠡ ᠨᠢ ᠪᠠᠭᠤᠴᠠ ᠲᠠᠢ
ᠪᠣᠯᠣᠷ ᠤᠷᠤᠰᠬᠠᠯᠲᠤ ᠭᠣᠣᠯ ᠶᠢᠨ ᠢᠶᠠᠨ ᠳᠡᠨᠵᠢᠨ ᠳᠡᠭᠡᠷ᠎ᠡ
ᠨᠢ ᠪᠠᠭᠤᠴᠠ ᠲᠠᠢ
ᠳᠠᠶᠠᠩ ᠦᠷᠡᠵᠢᠯᠲᠦ ᠰᠦᠷᠦᠭ ᠦ᠋ᠨ ᠢ᠋ᠶ᠋ᠡᠨ ᠪᠡᠯᠴᠡᠭᠡᠷ
ᠳᠡᠭᠡᠷ᠎ᠡ ᠨᠢ ᠪᠠᠭᠤᠴᠠ ᠲᠠᠢ
ᠰᠦᠯᠳᠡ ᠴᠠᠭᠠᠨ ᠬᠡᠢᠮᠣᠷᠢ ᠲᠠᠢ ᠭᠡᠷᠡᠯᠲᠦ ᠴᠠᠭᠠᠨ ᠮᠣᠩᠭᠣᠯ ᠭᠡᠷ
ᠰᠦᠷᠦᠭ ᠮᠠᠯ ᠤ᠋ᠨ ᠳᠠᠯᠠᠯᠭ᠎ᠠ ᠲᠠᠢ ᠬᠡᠰᠢᠭ ᠴᠠᠭᠠᠨ ᠮᠣᠩᠭᠣᠯ ᠭᠡᠷ
ᠡᠪᠦᠭᠡᠳ ᠦ᠋ᠨ ᠠᠯᠳᠠᠷ ᠢ᠋ ᠳᠠᠭᠤᠷᠢᠰᠬᠠᠭᠰᠠᠨ
ᠳᠤᠷᠠᠰᠬᠠᠯᠳᠤ ᠴᠠᠭᠠᠨ ᠮᠣᠩᠭᠣᠯ
ᠭᠡᠷ
ᠦᠷᠡᠰ ᠨᠢ ᠵᠠᠯᠭᠠᠵᠤ ᠭᠡᠷᠡᠯᠲᠦᠭᠦᠯᠦᠭᠰᠡᠨ
ᠤᠯᠠᠮᠵᠢᠯᠠᠯᠲᠤ ᠴᠠᠭᠠᠨ ᠮᠣᠩᠭᠣᠯ ᠭᠡᠷ
ᠦᠰᠦᠭ ᠠᠮᠢᠯᠠᠭᠤᠯᠤᠭᠴᠢ ᠄ ᠣᠳᠬᠣᠨᠴᠡᠴᠡᠭ
ᠬᠢᠨᠠᠭᠴᠢ ᠪᠠᠭᠰᠢ ᠄ ᠭᠠᠷᠮ᠎ᠠ ᠂ ᠪᠠᠶᠠᠷᠴᠡᠴᠡᠭ
