1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠠᠨᠵᠠᠯ ᠵᠡᠭᠡᠷᠳᠡ- ᠵ ᠳᠠᠰᠢᠳᠣᠨᠳᠤᠭАранзал зээрд-ж · дашдондог

ᠠᠷᠠᠨᠵᠠᠯ ᠵᠡᠭᠡᠷᠳᠡ- ᠵ ᠳᠠᠰᠢᠳᠣᠨᠳᠤᠭАранзал зээрд-ж · дашдондог

2023-03-30

1193

ᠠᠷᠠᠨᠵᠠᠯ ᠵᠡᠭᠡᠷᠳᠡ

ᠬᠡᠦᠬᠡᠳ ᠦ᠋ᠨ ᠵᠣᠬᠢᠶᠠᠯᠴᠢ
   ᠵ · ᠳᠠᠰᠢᠳᠣᠨᠳᠤᠭ
《 ᠠᠷᠠᠨᠵᠠᠯ ᠵᠡᠭᠡᠷᠳᠡ 》 ᠬᠡᠮᠡᠬᠦ ᠰᠢᠯᠦᠭ ᠢ᠋ᠶ᠋ᠡᠷ ᠢ᠋ᠶ᠋ᠡᠨ ᠨᠢᠭᠡᠨ ᠲᠡᠭᠦᠪᠦᠷᠢ ᠨᠡᠷᠡᠯᠡᠵᠡᠢ ᠃ ᠲᠡᠷᠡ ᠰᠢᠯᠦᠭ ᠨᠢ ᠮᠣᠷᠢᠨ ᠤ᠋ ᠶᠠᠪᠤᠳᠠᠯ ᠠᠭᠠᠵᠢᠮ ᠢ᠋ᠶ᠋ᠠᠷ ᠡᠬᠢᠯᠡᠵᠦ ᠬᠤᠷᠳᠤᠰᠬᠤ ᠮᠡᠲᠦ ᠠᠶ᠎ᠠ ᠪᠠᠷ ᠠᠶᠠᠯᠭᠤᠯᠠᠨ ᠤᠩᠰᠢᠬᠤ ᠳ᠋ᠤ᠌ ᠵᠣᠷᠢᠭᠤᠯᠤᠭᠳᠠᠭᠰᠠᠨ ᠠᠶ᠋ᠢᠵᠠᠮᠲᠤ ᠰᠢᠯᠦᠭ ᠪᠣᠯᠬᠤ ᠶᠤᠮ ᠃

ᠠᠷᠠᠨᠵᠠᠯ ᠵᠡᠭᠡᠷᠳᠡ ᠮᠣᠷᠢ ᠪᠠᠷ ᠢ᠋ᠶ᠋ᠠᠨ
ᠠᠯᠬᠤᠭᠤᠯᠤᠨ ᠲᠡᠮᠡᠦᠯᠦᠯ᠎ᠡ ᠃
ᠠᠯᠬᠤᠭᠰᠠᠨ ᠢ᠋ᠶ᠋ᠠᠨ ᠱᠣᠭᠰᠢᠭᠤᠯᠤᠯ᠎ᠠ ᠃
ᠱᠣᠭᠰᠢᠭᠤᠯᠤᠭᠰᠠᠨ ᠢ᠋ᠶ᠋ᠠᠨ ᠶᠥᠷᠭᠡᠭᠦᠯᠦᠯ᠎ᠡ ᠃
ᠶᠥᠷᠭᠡᠭᠦᠯᠦᠭᠰᠡᠨ ᠢ᠋ᠶ᠋ᠡᠨ ᠬᠠᠲᠠᠷᠢᠭᠤᠯᠤᠯ᠎ᠠ ᠃
ᠬᠠᠲᠠᠷᠢᠭᠤᠯᠤᠭᠰᠠᠨ ᠢ᠋ᠶ᠋ᠠᠨ ᠴᠣᠭᠭᠢᠭᠤᠯᠤᠯ᠎ᠠ ᠃
ᠴᠣᠭᠭᠢᠭᠤᠯᠤᠭᠰᠠᠨ ᠢ᠋ᠶ᠋ᠠᠨ ᠳᠠᠪᠬᠢᠭᠤᠯᠤᠯ᠎ᠠ ᠃

ᠲᠠᠯ᠎ᠠ ᠪᠠᠷ ᠲᠠᠯ᠎ᠠ ᠪᠠᠷ
ᠲᠠᠰᠢᠭᠤᠷ ᠥᠭᠭᠦᠨ
ᠲᠠᠰᠢᠭᠤᠷ ᠥᠭᠭᠦᠨ ᠳᠣᠪᠲᠣᠯᠭᠠᠪᠠ ᠃
ᠵᠠᠮ ᠢ᠋ᠶ᠋ᠠᠷ ᠵᠠᠮ ᠢ᠋ᠶ᠋ᠠᠷ
ᠲᠣᠭᠣᠰᠣ ᠪᠣᠰᠬᠠᠨ
ᠲᠣᠭᠣᠰᠣ ᠪᠤᠰᠬᠠᠨ ᠬᠤᠷᠳᠤᠯᠠᠪᠠ ᠃

ᠬᠠᠲᠤᠨ ᠳᠡᠯᠡᠬᠡᠢ ᠶ᠋ᠢ
ᠳᠥᠷᠪᠡᠨ ᠲᠤᠭᠤᠷᠠᠢ
ᠳᠥᠷᠪᠡᠨ ᠲᠤᠭᠤᠷᠠᠢ ᠪᠥᠮᠪᠥᠷᠳᠡᠨ᠎ᠡ ᠃
ᠬᠠᠶ᠋ᠢᠷ ᠴᠢᠯᠠᠭᠤ
ᠠᠷᠪᠠᠨ ᠵᠦᠭ ᠲᠦ᠍ ᠪᠡᠨ
ᠠᠷᠪᠠᠨ ᠵᠦᠭ ᠲᠦ᠍ ᠪᠡᠨ ᠰᠠᠴᠤᠭᠳᠠᠨ᠎ᠠ ᠃

ᠬᠥᠷᠥᠰᠥᠲᠦ ᠳᠡᠯᠡᠬᠡᠢ
ᠬᠥᠯ ᠦ᠋ᠨ ᠳᠣᠣᠷ᠎ᠠ
ᠬᠥᠯ ᠦ᠋ᠨ ᠳᠣᠣᠷ᠎ᠠ ᠵᠢᠷᠢᠯᠵᠡᠨ᠎ᠡ ᠃
ᠬᠥᠲᠥᠯ ᠬᠥᠪᠡᠭᠡ
ᠬᠣᠯᠠ ᠶ᠋ᠢᠨ ᠬᠣᠯᠠ ᠳ᠋ᠤ᠌
ᠬᠣᠯᠠ ᠶ᠋ᠢᠨ ᠬᠣᠯᠠ ᠳ᠋ᠤ᠌ ᠲᠣᠷᠣᠯᠵᠠᠨ᠎ᠠ ᠃

ᠰᠤᠮᠤᠨ ᠤ᠋ ᠪᠠᠷ᠎ᠠ
ᠲᠣᠳᠣᠷᠠᠯ᠎ᠠ ᠲᠣᠳᠣᠷᠠᠯ᠎ᠠ
ᠰᠤᠷᠭᠠᠭᠤᠯᠢ ᠶ᠋ᠢᠨ ᠪᠠᠶ᠋ᠢᠰᠢᠩ
ᠣᠶ᠋ᠢᠷᠠᠲᠤᠯ᠎ᠠ ᠣᠶ᠋ᠢᠷᠠᠲᠤᠯ᠎ᠠ ᠃

ᠠᠷᠠᠨᠵᠠᠯ ᠵᠡᠭᠡᠷᠳᠡ ᠮᠣᠷᠢᠨ ᠤ᠋ ᠪᠠᠨ
ᠠᠮᠠ ᠶ᠋ᠢ ᠲᠡᠳᠡᠨ ᠴᠣᠭᠭᠢᠭᠤᠯᠤᠯ᠎ᠠ ᠃
ᠴᠣᠭᠭᠢᠭᠤᠯᠤᠭᠰᠠᠨ ᠢ᠋ᠶ᠋ᠠᠨ ᠬᠠᠲᠠᠷᠢᠭᠤᠯᠤᠯ᠎ᠠ ᠃
ᠬᠠᠲᠠᠷᠢᠭᠤᠯᠤᠭᠰᠠᠨ ᠢ᠋ᠶ᠋ᠠᠨ ᠶᠥᠷᠭᠡᠭᠦᠯᠦᠯ᠎ᠡ ᠃
ᠶᠥᠷᠭᠡᠭᠦᠯᠦᠭᠰᠡᠨ ᠢ᠋ᠶ᠋ᠡᠨ ᠱᠣᠭᠰᠢᠭᠤᠯᠤᠯ᠎ᠠ ᠃
ᠱᠣᠭᠰᠢᠭᠤᠯᠤᠭᠰᠠᠨ ᠢ᠋ᠶ᠋ᠠᠨ ᠠᠯᠬᠤᠭᠤᠯᠤᠯ᠎ᠠ ᠃

ᠵᠠ ᠂ ᠳᠠᠬᠢᠭᠠᠳ ᠨᠢᠭᠡ ᠶᠠᠷᠢᠴᠢᠬᠠᠶ᠎ᠠ !

ᠠᠷᠠᠨᠵᠠᠯ ᠵᠡᠭᠡᠷᠳᠡ ᠮᠣᠷᠢ ᠪᠠᠷ ᠢ᠋ᠶ᠋ᠠᠨ
ᠠᠯᠬᠤᠭᠤᠯᠤᠨ ᠲᠡᠮᠡᠦᠯᠦᠯ᠎ᠡ ᠃
ᠠᠯᠬᠤᠭᠰᠠᠨ ᠢ᠋ᠶ᠋ᠠᠨ ᠱᠣᠭᠰᠢᠭᠤᠯᠤᠯ᠎ᠠ ᠃
ᠱᠣᠭᠰᠢᠭᠤᠯᠤᠭᠰᠠᠨ ᠢ᠋ᠶ᠋ᠠᠨ ᠶᠥᠷᠭᠡᠭᠦᠯᠦᠯ᠎ᠡ ᠃
ᠶᠥᠷᠭᠡᠭᠦᠯᠦᠭᠰᠡᠨ ᠢ᠋ᠶ᠋ᠡᠨ ᠬᠠᠲᠠᠷᠢᠭᠤᠯᠤᠯ᠎ᠠ ᠃
ᠬᠠᠲᠠᠷᠢᠭᠤᠯᠤᠭᠰᠠᠨ ᠢ᠋ᠶ᠋ᠠᠨ ᠴᠣᠭᠭᠢᠭᠤᠯᠤᠯ᠎ᠠ ᠃
ᠴᠣᠭᠭᠢᠭᠤᠯᠤᠭᠰᠠᠨ ᠢ᠋ᠶ᠋ᠠᠨ ᠳᠠᠪᠬᠢᠭᠤᠯᠤᠯ᠎ᠠ ᠃

ᠲᠠᠯ᠎ᠠ ᠪᠠᠷ ᠲᠠᠯ᠎ᠠ ᠪᠠᠷ
ᠲᠠᠰᠢᠭᠤᠷ ᠥᠭᠭᠦᠨ
ᠲᠠᠰᠢᠭᠤᠷ ᠥᠭᠭᠦᠨ ᠳᠣᠪᠲᠣᠯᠭᠠᠪᠠ ᠃
ᠵᠠᠮ ᠢ᠋ᠶ᠋ᠠᠷ ᠵᠠᠮ ᠢ᠋ᠶ᠋ᠠᠷ
ᠲᠣᠭᠣᠰᠣ ᠪᠣᠰᠬᠠᠨ
ᠲᠣᠭᠣᠰᠣ ᠪᠤᠰᠬᠠᠨ ᠬᠤᠷᠳᠤᠯᠠᠪᠠ ᠃

ᠬᠠᠲᠤᠨ ᠳᠡᠯᠡᠬᠡᠢ ᠶ᠋ᠢ
ᠳᠥᠷᠪᠡᠨ ᠲᠤᠭᠤᠷᠠᠢ
ᠳᠥᠷᠪᠡᠨ ᠲᠤᠭᠤᠷᠠᠢ ᠪᠥᠮᠪᠥᠷᠳᠡᠨ᠎ᠡ᠃
ᠬᠠᠶ᠋ᠢᠷ ᠴᠢᠯᠠᠭᠤ
ᠠᠷᠪᠠᠨ ᠵᠦᠭ ᠲᠦ᠍ ᠪᠡᠨ
ᠠᠷᠪᠠᠨ ᠵᠦᠭ ᠲᠦ᠍ ᠪᠡᠨ ᠰᠠᠴᠤᠭᠳᠠᠨ᠎ᠠ ᠃

ᠬᠥᠷᠥᠰᠥᠲᠦ ᠳᠡᠯᠡᠬᠡᠢ
ᠬᠥᠯ ᠦ᠋ᠨ ᠳᠣᠣᠷ᠎ᠠ
ᠬᠥᠯ ᠦ᠋ᠨ ᠳᠣᠣᠷ᠎ᠠ ᠵᠢᠷᠢᠯᠵᠡᠨ᠎ᠡ ᠃
ᠬᠥᠲᠥᠯ ᠬᠥᠪᠡᠭᠡ
ᠬᠣᠯᠠ ᠶ᠋ᠢᠨ ᠬᠣᠯᠠ ᠳ᠋ᠤ᠌
ᠬᠣᠯᠠ ᠶ᠋ᠢᠨ ᠬᠣᠯᠠ ᠳ᠋ᠤ᠌ ᠲᠣᠷᠣᠯᠵᠠᠨ᠎ᠠ ᠃

ᠰᠤᠮᠤᠨ ᠤ᠋ ᠪᠠᠷ᠎ᠠ
ᠲᠣᠳᠣᠷᠠᠯ᠎ᠠ ᠲᠣᠳᠣᠷᠠᠯ᠎ᠠ
ᠰᠤᠷᠭᠠᠭᠤᠯᠢ ᠶ᠋ᠢᠨ ᠪᠠᠶ᠋ᠢᠰᠢᠩ
ᠣᠶ᠋ᠢᠷᠠᠲᠤᠯ᠎ᠠ ᠣᠶ᠋ᠢᠷᠠᠲᠤᠯ᠎ᠠ ᠃

ᠠᠷᠠᠨᠵᠠᠯ ᠵᠡᠭᠡᠷᠳᠡ ᠮᠣᠷᠢᠨ ᠤ᠋ ᠪᠠᠨ
ᠠᠮᠠ ᠶ᠋ᠢ ᠲᠡᠳᠡᠨ ᠴᠣᠭᠭᠢᠭᠤᠯᠤᠯ᠎ᠠ ᠃
ᠴᠣᠭᠭᠢᠭᠤᠯᠤᠭᠰᠠᠨ ᠢ᠋ᠶ᠋ᠠᠨ ᠬᠠᠲᠠᠷᠢᠭᠤᠯᠤᠯ᠎ᠠ ᠃
ᠬᠠᠲᠠᠷᠢᠭᠤᠯᠤᠭᠰᠠᠨ ᠢ᠋ᠶ᠋ᠠᠨ ᠶᠥᠷᠭᠡᠭᠦᠯᠦᠯ᠎ᠡ ᠃
ᠶᠥᠷᠭᠡᠭᠦᠯᠦᠭᠰᠡᠨ ᠢ᠋ᠶ᠋ᠡᠨ ᠱᠣᠭᠰᠢᠭᠤᠯᠤᠯ᠎ᠠ ᠃
ᠱᠣᠭᠰᠢᠭᠤᠯᠤᠭᠰᠠᠨ ᠢ᠋ᠶ᠋ᠠᠨ ᠠᠯᠬᠤᠭᠤᠯᠤᠯ᠎ᠠ ᠃

  ᠦᠰᠦᠭ ᠬᠠᠲᠠᠭᠰᠠᠨ ᠨᠢ ᠄ ᠬᠠᠪᠤᠷᠵᠢᠶ᠎ᠠ
  ᠦᠰᠦᠭ ᠠᠮᠢᠯᠠᠭᠤᠯᠤᠭᠰᠠᠨ ᠨᠢ ᠄ᠮᠥᠩᠭᠥᠨᠴᠡᠴᠡᠭ 
  ᠬᠢᠨᠠᠭᠴᠢ ᠪᠠᠭᠰᠢ ᠄ ᠮᠥᠩᠭᠥᠨᠴᠡᠴᠡᠭ
  ᠤᠩᠰᠢᠭᠰᠠᠨ ᠨᠢ᠄ ᠰᠠᠶ᠋ᠢᠬᠠᠨᠳᠠᠯᠠᠢ