ᠲᠣᠬᠤᠨᠲᠡᠮᠦᠷ ᠤᠬᠠᠭᠠᠨᠲᠤ ᠬᠠᠭᠠᠨ (7) - ᠬᠦᠴᠢᠬᠡᠨ Тохонтөмөр ухаант хаан (7) - Хүчхэн
ᠳᠣᠬᠣᠨᠲᠡᠮᠦᠷ ᠤᠬᠠᠭᠠᠨᠲᠤ ᠬᠠᠭᠠᠨ – 7
ᠳᠣᠯᠣᠳᠤᠭᠠᠷ ᠪᠦᠯᠦᠭ
ᠤᠷᠢᠳᠤ ᠶ᠋ᠢᠨ ᠬᠡᠷᠡᠭ ᠲᠦ᠍ ᠰᠡᠳᠬᠢᠯ ᠲᠦᠭᠡᠷᠢᠬ᠋ᠲᠡᠵᠦ ᠪᠡᠷᠬᠡᠪᠤᠬᠠ ᠥᠰᠢᠶ᠎ᠡ ᠠᠪᠤᠪᠠᠢ
ᠤᠤᠯᠢᠬᠠᠢ ᠲᠦᠰᠢᠮᠡᠳ ᠰᠠᠶ᠋ᠢᠮᠰᠤᠷᠠᠨ ᠵᠣᠯᠭᠤᠶ᠋ᠢᠲᠠᠵᠦ ᠲᠣᠭᠲᠤᠬ᠋᠎ᠠ ᠵᠠᠰᠠᠭ ᠲᠤᠷ ᠣᠰᠣᠯᠳᠠᠪᠠᠢ
ᠥᠭᠦᠯᠡᠬᠦ ᠢᠨᠦ ᠂ ᠲᠣᠬᠤᠨᠲᠡᠮᠦᠷ ᠬᠠᠭᠠᠨ ᠢ᠋ᠶ᠋ᠠᠷ ᠲᠣᠭᠲᠤᠬ᠋᠎ᠠ ᠶ᠋ᠢᠨ ᠭᠤᠶᠤᠳᠠᠯ ᠊ᠢ ᠲᠡᠷᠡ ᠳᠣᠣᠷ᠎ᠠ ᠨᠢ ᠵᠥᠪᠰᠢᠶᠡᠷᠡᠭᠰᠡᠨ ᠰᠢᠯᠲᠠᠭᠠᠨ ᠪᠣᠯ ᠵᠡᠭᠦᠨ ᠭᠠᠷᠤᠨ ᠴᠢᠩᠰᠠᠩ ᠪᠡᠷᠬᠡᠪᠤᠬᠠ ᠳᠠᠯᠳᠠᠭᠤᠷ ᠭᠡᠮ ᠬᠢᠭᠰᠡᠨ ᠳ᠋ᠦ᠍ ᠠᠮᠤᠢ ᠃ ᠪᠡᠷᠬᠡᠪᠤᠬᠠ ᠪᠣᠯᠪᠠᠰᠤ ᠲᠡᠮᠦᠷ ᠥᠯᠵᠡᠶ᠋ᠢᠲᠦ ᠬᠠᠭᠠᠨ ᠤ᠋ ᠦᠶ᠎ᠡ ᠡᠴᠡ ᠡᠬᠢᠯᠡᠭᠡᠳ ᠲᠣᠭᠲᠤᠬ᠋᠎ᠠ ᠶ᠋ᠢᠨ ᠭᠡᠷ ᠤᠭᠰᠠᠭ᠎ᠠ ᠯᠤᠭ᠎ᠠ ᠦᠰ ᠵᠠᠩᠭᠢᠳᠤᠭᠰᠠᠨ ᠪᠥᠯᠥᠭᠡ ᠃ ᠪᠠᠶᠠᠨ ᠶᠡᠬᠡ ᠡᠷᠬᠡ ᠶ᠋ᠢ ᠭᠠᠭᠴᠠᠭᠠᠷ ᠡᠵᠡᠷᠬᠡᠭᠯᠡᠵᠦ ᠪᠠᠶ᠋ᠢᠬᠰᠠᠨ ᠦᠶ᠎ᠡ ᠳ᠋ᠦ᠍ ᠬᠢᠲᠠᠳ ᠲᠦᠰᠢᠮᠡᠳ ᠊ᠢ ᠴᠡᠭᠡᠷ ᠊ᠢ ᠰᠤᠷᠪᠤᠯᠵᠢᠯᠠᠬᠤ ᠶᠠᠮᠤᠨ ᠳ᠋ᠤ᠌ ᠬᠡᠷᠡᠭᠯᠡᠵᠦ ᠦᠯᠦ ᠪᠣᠯᠬᠤ ᠬᠡᠮᠡᠭᠰᠡᠨ ᠊ᠢ ᠲᠥᠪ ᠪᠢᠴᠢᠭ ᠦ᠋ᠨ ᠮᠣᠵᠢ ᠶ᠋ᠢᠨ ᠰᠠᠶ᠋ᠢᠳ ᠲᠦᠰᠢᠮᠡᠳ ᠵᠥᠪᠰᠢᠶᠡᠷᠡᠬᠦ ᠦᠭᠡᠢ ᠪᠠᠶ᠋ᠢᠵᠠᠢ ᠃ ᠢᠥ᠋ᠢ᠌ᠱᠢ ᠳ᠋ᠠᠶ᠋ᠢᠹᠦ᠋ ᠲᠦᠰᠢᠮᠡᠯ ᠪᠠᠶ᠋ᠢᠬᠰᠠᠨ ᠪᠡᠷᠬᠡᠪᠤᠬᠠ ᠂ ᠪᠠᠶᠠᠨ ᠤ᠋ ᠰᠦᠷ ᠡᠴᠡ ᠠᠶᠤᠬᠤ ᠮᠥᠷᠲᠡᠭᠡᠨ ᠪᠠᠰᠠ ᠰᠠᠶ᠋ᠢᠳ ᠲᠦᠰᠢᠮᠡᠳ ᠦ᠋ᠨ ᠰᠡᠳᠬᠢᠯ ᠊ᠢ ᠠᠯᠳᠠᠭᠤᠵᠠᠢ ᠬᠡᠮᠡᠭᠡᠳ ᠬᠠᠮᠢᠭ᠎ᠠ ᠬᠠᠮᠢᠭᠠᠰᠢ ᠪᠠᠨ ᠳᠠᠭᠠᠭᠠᠯᠭᠠᠵᠤ ᠴᠢᠳᠠᠬᠤ ᠦᠭᠡᠢ ᠪᠣᠯᠬᠤ ᠳ᠋ᠤ᠌ ᠪᠠᠨ ᠡᠪᠡᠳᠴᠢᠨ ᠢ᠋ᠶ᠋ᠡᠷ ᠰᠢᠯᠲᠠᠵᠤ ᠲᠤᠰᠢᠶᠠᠯ ᠳ᠋ᠤ᠌ ᠪᠠᠨ ᠢᠷᠡᠬᠦ ᠦᠭᠡᠢ ᠪᠣᠯᠵᠠᠢ ᠂ ᠭᠡᠪᠡᠴᠦ ᠲᠠᠮᠠᠭ᠎ᠠ ᠱᠣᠰᠢᠭ᠎ᠠ ᠪᠠᠨ ᠲᠤᠰᠢᠶᠠᠭᠰᠠᠨ ᠦᠭᠡᠢ ᠃ ᠪᠠᠶ᠋ᠢᠴᠠᠭᠠᠨ ᠦᠵᠡᠭᠴᠢ ᠲᠦᠰᠢᠮᠡᠯ ᠂ ᠪᠠᠶᠠᠨ ᠴᠢᠩᠰᠠᠩ ᠤ᠋ᠨ ᠰᠢᠬᠠᠮᠲᠠᠭᠤᠯᠤᠯ ᠳᠣᠣᠷ᠎ᠠ ᠲᠣᠭᠲᠤᠬ᠋᠎ᠠ ᠶ᠋ᠢ ᠡᠷᠢᠵᠦ ᠢᠷᠡᠭᠡᠳ ᠶᠠᠭᠠᠬᠢᠬᠤ ᠲᠤᠬᠠᠢ ᠠᠰᠠᠭᠤᠭᠰᠠᠨ ᠳ᠋ᠤ᠌ ᠲᠣᠭᠲᠤᠬ᠋᠎ᠠ ᠪᠠᠷ ᠪᠠᠶᠠᠨ ᠤ᠋ ᠰᠠᠨᠠᠯ ᠊ᠢ ᠰᠢᠭᠤᠳ ᠡᠰᠡᠷᠭᠦᠴᠡᠬᠦ ᠡᠴᠡ ᠵᠠᠶ᠋ᠢᠯᠠᠰᠭᠢᠵᠦ ᠪᠡᠷᠬᠡᠪᠤᠬᠠ ᠳ᠋ᠤ᠌ ᠲᠦᠯᠬᠢᠵᠦ ᠥᠭᠦᠯᠡᠷᠦᠨ ᠄ 《 ᠪᠡᠷᠬᠡᠪᠤᠬᠠ ᠶ᠋ᠢᠨ ᠵᠡᠷᠭᠡ ᠲᠤᠰᠢᠶᠠᠯ ᠨᠠᠳᠠᠴᠠ ᠳᠡᠭᠡᠭᠦᠷ ᠪᠥᠭᠡᠳ ᠲᠠᠮᠠᠭ᠎ᠠ ᠱᠣᠰᠢᠭ᠎ᠠ ᠶ᠋ᠢ ᠠᠳᠬᠤᠵᠤ ᠪᠠᠶ᠋ᠢᠬ᠋᠎ᠠ ᠲᠤᠯᠠ ᠪᠢ ᠠᠶᠤᠮᠰᠢᠭ ᠦᠭᠡᠢ ᠶᠠᠭᠠᠬᠢᠨ ᠰᠢᠢᠳᠬᠡᠬᠦ ᠪᠣᠯᠠᠢ ! 》 ᠬᠡᠮᠡᠪᠡ ᠃
ᠪᠡᠷᠬᠡᠪᠤᠬᠠ ᠪᠠᠷ ᠲᠣᠭᠲᠤᠬ᠋᠎ᠠ ᠶ᠋ᠢᠨ ᠡᠶ᠋ᠢᠨ ᠬᠦ ᠥᠭᠦᠯᠡᠬᠦ ᠶ᠋ᠢ ᠰᠣᠨᠣᠰᠤᠭᠠᠳ ᠶᠡᠬᠡᠳᠡ ᠬᠡᠯᠮᠡᠭᠳᠡᠵᠦ ᠲᠠᠮᠠᠭ᠎ᠠ ᠱᠣᠰᠢᠭ᠎ᠠ ᠶ᠋ᠢ ᠲᠤᠰᠢᠶᠠᠵᠤ ᠬᠡᠷᠡᠭ ᠡᠴᠡ ᠵᠠᠶ᠋ᠢᠯᠠᠵᠤ ᠬᠣᠶ᠋ᠢᠰᠢ ᠰᠠᠭᠤᠬᠤ ᠪᠠᠷ ᠪᠡᠯᠡᠳᠬᠡᠪᠡ ᠃ ᠡᠶ᠋ᠢᠮᠦ ᠪᠠᠶ᠋ᠢᠲᠠᠯ ᠳᠣᠣᠷ᠎ᠠ ᠲᠣᠭᠲᠤᠬ᠋᠎ᠠ ᠠᠷᠭ᠎ᠠ ᠶᠠᠳᠠᠵᠤ ᠪᠠᠭᠰᠢ ᠡᠸ᠋ ᡁᠢ ᠹᠠᠩ ᠊ᠢ ᠡᠷᠢᠵᠦ ᠣᠴᠢᠭᠠᠳ ᠵᠥᠪᠳᠡᠪᠡᠰᠦ ᠲᠡᠷᠡ ᠄ 《 ᠡᠨᠡ ᠪᠣᠯᠪᠠᠰᠤ ᠡᠪᠦᠭᠡ ᠳᠡᠭᠡᠳᠦᠰ ᠦ᠋ᠨ ᠲᠣᠭᠲᠠᠭᠠᠭᠰᠠᠨ ᠬᠠᠤᠯᠢ ᠲᠤᠯᠠ ᠶᠠᠭᠠᠬᠢᠭᠰᠠᠨ ᠴᠤ᠌ ᠣᠮᠲᠤᠭᠠᠶ᠋ᠢᠯᠠᠵᠦ ᠦᠯᠦ ᠪᠣᠯᠤᠶᠤ ᠃ ᠳᠡᠭᠡᠭᠰᠢ ᠡᠵᠡᠨ ᠳ᠋ᠦ᠍ᠷ ᠠᠶ᠋ᠢᠯᠡᠤᠠᠬᠠᠪᠠᠰᠦ ᠵᠣᠬᠢᠮᠤᠢ 》 ᠬᠡᠮᠡᠪᠡ ᠃
ᠲᠣᠭᠲᠤᠬ᠋᠎ᠠ ᠪᠠᠭᠰᠢ ᠶ᠋ᠢᠨ ᠢ᠋ᠶ᠋ᠡᠨ ᠦᠭᠡ ᠪᠡᠷ ᠲᠣᠬᠤᠨᠲᠡᠮᠦᠷ ᠬᠠᠭᠠᠨ ᠳ᠋ᠤ᠌ ᠨᠢᠭᠡᠳ ᠨᠢᠭᠡ ᠪᠡᠷ ᠠᠶ᠋ᠢᠯᠡᠤᠠᠬᠠᠭᠰᠠᠨᠠ ᠬᠠᠭᠠᠨ ᠢ᠋ᠶ᠋ᠠᠷ ᠲᠣᠭᠲᠤᠬ᠋᠎ᠠ ᠶ᠋ᠢᠨ ᠦᠭᠡ ᠶ᠋ᠢ ᠠᠪᠴᠤ ᠪᠠᠶᠠᠨ ᠤ᠋ ᠰᠠᠨᠠᠯ ᠊ᠢ ᠨᠢᠴᠤᠭᠠᠵᠤ ᠤᠭ ᠶᠣᠰᠣ ᠪᠠᠷ ᠶᠠᠪᠤᠭᠤᠯ ᠭᠡᠮᠡᠨ ᠵᠠᠷᠯᠠᠪᠠ ᠃
ᠪᠠᠶᠠᠨ ᠥᠪᠡᠷ ᠦ᠋ᠨ ᠰᠠᠨᠠᠯ ᠨᠢ ᠦᠭᠡᠢᠰᠬᠡᠭᠳᠡᠭᠰᠡᠨ ᠊ᠢ ᠦᠵᠡᠭᠡᠳ ᠶᠡᠬᠡᠳᠡ ᠬᠢᠯᠢᠩᠨᠡᠵᠦ ᠲᠣᠬᠤᠨᠲᠡᠮᠦᠷ ᠬᠠᠭᠠᠨ ᠊ᠢ ᠡᠷᠢᠵᠦ ᠢᠷᠡᠭᠡᠳ ᠥᠭᠦᠯᠡᠷᠦᠨ ᠄ 《 ᠮᠢᠨᠦ ᠰᠠᠨᠠᠯ ᠊ᠢ ᠦᠯᠦ ᠵᠥᠪᠰᠢᠶᠡᠷᠡᠭᠰᠡᠨ ᠢᠨᠦ ᠲᠣᠭᠲᠤᠬ᠋᠎ᠠ ᠶ᠋ᠢᠨ ᠰᠠᠨᠠᠭ᠎ᠠ ᠪᠣᠯᠠᠢ ᠂ ᠲᠣᠭᠲᠤᠬ᠋᠎ᠠ ᠦᠷᠭᠦᠯᠵᠢᠳᠡ ᠬᠢᠲᠠᠳ ᠬᠥᠮᠦᠨ ᠊ᠢ ᠬᠠᠮᠠᠭᠠᠯᠠᠨ ᠲᠡᠳᠡᠨ ᠦ᠌ ᠲᠥᠯᠥᠭᠡ ᠥᠮᠥᠭᠯᠡᠵᠦ ᠬᠡᠯᠡᠳᠡᠭ ᠲᠤᠯᠠ ᠲᠡᠭᠦᠨ ᠊ᠢ ᠬᠠᠤᠯᠢ ᠪᠠᠷ ᠭᠡᠰᠬᠡᠰᠦᠭᠡᠢ 》 ᠬᠡᠮᠡᠪᠡ ᠃
ᠲᠣᠬᠤᠨᠲᠡᠮᠦᠷ ᠬᠠᠭᠠᠨ ᠵᠠᠷᠯᠢᠭ ᠪᠣᠯᠤᠷᠤᠨ ᠄ 《 ᠬᠢᠲᠠᠳ ᠲᠦᠰᠢᠮᠡᠳ ᠊ᠢ ᠴᠡᠭᠡᠷ ᠊ᠢ ᠰᠤᠷᠪᠤᠯᠵᠢᠯᠠᠬᠤ ᠶᠠᠮᠤᠨ ᠳ᠋ᠤ᠌ ᠰᠢᠯᠭᠠᠵᠤ ᠬᠡᠷᠡᠭᠯᠡᠬᠦ ᠢᠨᠦ ᠡᠪᠦᠭᠡ ᠳᠡᠭᠡᠳᠦᠰ ᠦ᠋ᠨ ᠲᠣᠭᠲᠠᠭᠠᠭᠰᠠᠨ ᠬᠠᠤᠯᠢ ᠪᠥᠯᠥᠭᠡ ᠃ ᠡᠨᠡ ᠢᠨᠦ ᠲᠣᠭᠲᠤᠬ᠋᠎ᠠ ᠯᠤᠭ᠎ᠠ ᠬᠠᠮᠢᠶ᠎ᠠ ᠦᠭᠡᠢ 》 ᠬᠡᠮᠡᠭᠡᠳ ᠲᠤᠰ ᠬᠡᠷᠡᠭ ᠊ᠢ ᠵᠣᠭᠰᠣᠭᠠᠪᠠ ᠃ ᠭᠡᠲᠡᠯ᠎ᠡ ᠡᠨᠡ ᠬᠡᠷᠡᠭ ᠡᠴᠡ ᠪᠣᠯᠵᠤ ᠪᠡᠷᠬᠡᠪᠤᠬᠠ ᠲᠣᠭᠲᠤᠬ᠋᠎ᠠ ᠯᠤᠭ᠎ᠠ ᠦᠰ ᠵᠠᠩᠭᠢᠳᠪᠠ ᠃ ᠤᠴᠢᠷ ᠨᠢ ᠪᠠᠶᠠᠨ ᠬᠡᠷᠪᠡ ᠠᠭᠤᠷᠯᠠᠭᠰᠠᠨ ᠪᠠᠶ᠋ᠢᠪᠠᠯ ᠪᠡᠷᠬᠡᠪᠣᠬᠠ ᠶ᠋ᠢ ᠦᠬᠦᠯ ᠦ᠋ᠨ ᠭᠠᠵᠠᠷ ᠬᠦᠷᠭᠡᠵᠦ ᠮᠡᠳᠡᠬᠦ ᠪᠤᠶᠤ ᠃
ᠡᠳᠦᠭᠡ ᠪᠠᠶᠠᠨ ᠬᠡᠲᠦᠶ᠋ᠢᠪᠡᠷ ᠦᠬᠦᠭᠰᠡᠨ ᠪᠣᠯᠪᠠᠴᠤ ᠪᠡᠷᠬᠡᠪᠤᠬᠠ ᠪᠣᠯᠤᠨ ᠲᠣᠭᠲᠤᠬ᠋᠎ᠠ ᠶ᠋ᠢᠨ ᠬᠣᠭᠣᠷᠣᠨᠳᠣᠬᠢ ᠬᠠᠭᠤᠴᠢᠨ ᠥᠰᠢᠶ᠎ᠡ ᠰᠢᠨ᠎ᠡ ᠬᠣᠷᠣᠰᠤᠯ ᠶᠡᠷᠦ ᠨᠢ ᠠᠷᠢᠯᠤᠭᠰᠠᠨ ᠦᠭᠡᠢ ᠃ ᠪᠡᠷᠬᠡᠪᠤᠬᠠ ᠶᠠᠪᠤᠳᠠᠯ ᠪᠦᠬᠦᠨ ᠳ᠋ᠦ᠍ ᠲᠣᠭᠲᠤᠬ᠋᠎ᠠ ᠶ᠋ᠢᠨ ᠣᠰᠣᠯ ᠪᠤᠷᠤᠭᠤ ᠶ᠋ᠢ ᠡᠷᠢᠵᠦ ᠬᠠᠭᠠᠨ ᠳ᠋ᠤᠷ ᠬᠣᠪᠯᠠᠮᠤᠢ ᠃ ᠡᠶ᠋ᠢᠮᠦ ᠪᠠᠶ᠋ᠢᠲᠠᠯ ᠳ᠋ᠤᠷ ᠲᠣᠭᠲᠤᠬ᠋᠎ᠠ ᠡᠴᠢᠭᠡ ᠪᠡᠨ ᠳᠠᠭᠠᠵᠤ ᠲᠦᠷᠦᠬ᠋ᠰᠡᠨ ᠨᠤᠲᠤᠭ ᠭᠠᠨᠵᠸᠸ᠋ ᠲᠤ᠌ ᠪᠠᠨ ᠪᠤᠴᠠᠵᠤ ᠂ ᠨᠢᠭᠡ ᠳ᠋ᠦ᠍ ᠂ ᠣᠯᠠᠨ ᠤ᠋ ᠶᠠᠷᠢᠶ᠎ᠠ ᠬᠡᠯᠡᠯᠴᠡᠭᠡ ᠡᠴᠡ ᠵᠠᠶ᠋ᠢᠯᠠᠵᠤ ᠂ ᠬᠣᠶᠠᠷ ᠲᠤ᠌ ᠂ ᠪᠡᠷᠬᠡᠪᠤᠬᠠ ᠶ᠋ᠢᠨ ᠥᠰᠢᠶ᠎ᠡ ᠠᠪᠬᠤ ᠶ᠋ᠢ ᠰᠡᠷᠭᠡᠶ᠋ᠢᠯᠡᠬᠦ ᠶ᠋ᠢᠨ ᠲᠥᠯᠥᠭᠡ ᠲᠣᠬᠣᠨᠲᠡᠮᠤᠷ ᠬᠠᠭᠠᠨ ᠳ᠋ᠤ᠌ ᠲᠤᠰᠢᠶᠠᠯ ᠠ᠋ᠴᠠ ᠪᠠᠨ ᠣᠭᠴᠣᠷᠠᠨ ᠡᠴᠢᠭᠡ ᠪᠡᠨ ᠳᠠᠭᠠᠵᠤ ᠨᠤᠲᠤᠭ ᠲᠤ᠌ ᠪᠠᠨ ᠪᠤᠴᠠᠬᠤ ᠪᠠᠷ ᠭᠤᠶᠤᠴᠢᠯᠠᠭᠰᠠᠨ ᠪᠥᠯᠥᠭᠡ ᠃
ᠲᠣᠬᠣᠨᠲᠡᠮᠤᠷ ᠬᠠᠭᠠᠨ ᠪᠣᠯ ᠡᠷᠬᠡᠲᠦ ᠰᠠᠶ᠋ᠢᠳ ᠤ᠋ᠨ ᠤᠯᠤᠰ ᠲᠥᠷᠥ ᠶ᠋ᠢᠨ ᠬᠠᠪᠴᠢᠯᠲᠠ ᠳᠠᠷᠤᠯᠠᠯ ᠊ᠢ ᠬᠦᠨᠳᠦ ᠠᠮᠰᠠᠭᠰᠠᠨ ᠬᠥᠮᠦᠨ ᠪᠥᠯᠥᠭᠡ ᠃ ᠰᠠᠢᠬᠠᠨ ᠡᠷᠬᠡᠲᠦ ᠰᠠᠶ᠋ᠢᠳ ᠪᠠᠶᠠᠨ ᠤ᠋ ᠬᠠᠪᠴᠢᠯᠲᠠ ᠳᠠᠷᠤᠯᠠᠯ ᠠ᠋ᠴᠠ ᠰᠠᠯᠲᠠᠯ᠎ᠠ ᠲᠣᠭᠲᠤᠬ᠋᠎ᠠ ᠪᠡᠷᠬᠡᠪᠤᠬᠠ ᠬᠣᠭᠣᠷᠣᠨᠳᠣ ᠪᠠᠨ ᠦᠰ ᠵᠠᠩᠭᠢᠳᠴᠤ ᠬᠢᠮᠤᠷᠠᠯᠳᠤᠨ ᠡᠬᠢᠯᠡᠭᠰᠡᠨᠡ ᠲᠣᠬᠣᠨᠲᠡᠮᠤᠷ ᠬᠠᠭᠠᠨ ᠪᠠᠰᠠ ᠪᠠᠶᠠᠨ ᠊ᠢ ᠠᠷᠢᠯᠭᠠᠭᠰᠠᠨ ᠬᠠᠭᠤᠴᠢᠨ ᠠᠷᠭ᠎ᠠ ᠪᠠᠨ ᠬᠡᠷᠡᠭᠯᠡᠵᠦ ᠲᠣᠭᠲᠤᠬ᠋᠎ᠠ ᠪᠡᠷᠬᠡᠪᠤᠬᠠ ᠶ᠋ᠢᠨ ᠵᠥᠷᠢᠴᠡᠯ ᠊ᠢ ᠠᠰᠢᠭᠯᠠᠵᠤ ᠨᠢᠭᠡᠨ ᠦ᠌ ᠬᠦᠴᠦᠨ ᠢ᠋ᠶ᠋ᠡᠷ ᠨᠥᠬᠥᠭᠡ ᠶ᠋ᠢ ᠨᠢ ᠤᠰᠠᠳᠬᠠᠬᠤ ᠶ᠋ᠢ ᠪᠣᠳᠣᠪᠠ ᠃ ᠪᠡᠷᠬᠡᠪᠤᠬᠠ ᠪᠣᠯ ᠲᠡᠮᠦᠷ ᠦᠯᠵᠡᠶ᠋ᠢᠲᠤ ᠬᠠᠭᠠᠨ ᠤ᠋ ᠦᠶ᠎ᠡ ᠶ᠋ᠢᠨ ᠴᠢᠩᠰᠠᠩ ᠠᠬᠤᠲᠠᠢ ᠶ᠋ᠢᠨ ᠬᠥᠪᠡᠭᠦᠨ ᠪᠥᠭᠡᠳ ᠪᠠᠭ᠎ᠠ ᠳ᠋ᠤ᠌ ᠪᠠᠨ ᠬᠤᠱᠶ᠋ᠯᠠ ᠬᠤᠲᠤᠭᠲᠤ ᠬᠠᠭᠠᠨ ᠤ᠋ ᠭᠡᠷ ᠲᠦ᠍ ᠥᠰᠴᠦ ᠂ ᠬᠣᠵᠢᠮ ᠨᠢ ᠤᠯᠤᠰ ᠤ᠋ᠨ ᠬᠥᠪᠡᠭᠦᠳ ᠊ᠢ ᠬᠥᠮᠦᠵᠢᠭᠦᠯᠬᠦ ᠰᠤᠷᠭᠠᠭᠤᠯᠢ ᠳ᠋ᠤ᠌ ᠣᠷᠣᠵᠤ ᠂ ᠰᠤᠲᠢᠪᠠᠯᠠ ᠭᠡᠭᠡᠨ ᠬᠠᠭᠠᠨ ᠤ᠋ ᠦᠶ᠎ᠡ ᠳ᠋ᠦ᠍ ᠬᠣᠯᠠᠳᠠᠬᠢᠨ ᠊ᠢ ᠠᠮᠤᠭᠤᠯᠬᠤ ᠶᠡᠬᠡ ᠵᠠᠩᠵᠤᠨ ᠂ ᠢᠯᠪᠢᠨ ᠲᠣᠬᠣᠨᠢᠭᠤᠯᠬᠤ ᠶᠠᠮᠤᠨ ᠤ᠋ ᠳᠠᠷᠤᠭᠠᠴᠢ ᠲᠦᠰᠢᠮᠡᠯ ᠪᠣᠯᠪᠠ ᠃ ᠰᠡᠭᠦᠯᠡᠷ ᠨᠢ ᠲᠦᠰᠢᠮᠡᠯ ᠦ᠋ᠨ ᠶᠠᠪᠤᠳᠠᠯ ᠤ᠋ᠨ ᠶᠠᠮᠤᠨ ᠤ᠋ ᠡᠷᠭᠢᠨ ᠰᠠᠶ᠋ᠢᠳ ᠂ ᠢᠤᠶ᠋ᠢᠱᠢ ᠳ᠋ᠠᠶ᠋ᠢᠹᠥ᠋ ᠲᠦᠰᠢᠮᠡᠯ ᠂ ᠪᠢᠴᠢᠭ ᠦ᠋ᠨ ᠤᠳᠬᠠᠴᠢ ᠶ᠋ᠢᠨ ᠬᠦᠷᠢᠶᠡᠯᠡᠩ ᠦ᠋ᠨ ᠡᠷᠬᠢᠯᠡᠭᠰᠡᠨ ᠰᠠᠶ᠋ᠢᠳ ᠵᠡᠷᠭᠡ ᠲᠤᠰᠢᠶᠠᠯ ᠬᠠᠷᠢᠭᠤᠴᠠᠵᠤ ᠥᠩᠭᠡᠷᠡᠭᠰᠡᠨ ᠪᠥᠯᠥᠭᠡ ᠃ ᠲᠣᠬᠣᠨᠲᠡᠮᠤᠷ ᠬᠠᠭᠠᠨ ᠢ᠋ᠶ᠋ᠠᠷ ᠬᠣᠶ᠋ᠢᠨ᠎ᠠ ᠡᠮᠦᠨᠡᠬᠢ ᠡᠯ᠎ᠡ ᠲᠠᠯ᠎ᠠ ᠶ᠋ᠢᠨ ᠪᠠᠶ᠋ᠢᠲᠠᠯ ᠊ᠢ ᠲᠤᠩᠭᠠᠨ ᠪᠣᠳᠣᠭᠠᠳ ᠪᠡᠷᠬᠡᠪᠤᠬᠠ ᠶ᠋ᠢᠨ ᠲᠠᠯ᠎ᠠ ᠳ᠋ᠤ᠌ ᠵᠣᠭᠰᠣᠵᠤ ᠲᠣᠭᠲᠤᠬ᠋᠎ᠠ ᠶ᠋ᠢᠨ ᠲᠤᠰᠢᠶᠠᠯ ᠠ᠋ᠴᠠ ᠪᠠᠨ ᠣᠭᠴᠣᠷᠠᠨ ᠡᠴᠢᠭᠡ ᠪᠡᠨ ᠳᠠᠭᠠᠵᠤ ᠭᠠᠨᠵᠸᠤ ᠳ᠋ᠤ᠌ ᠶᠠᠪᠤᠬᠤ ᠶ᠋ᠢ ᠵᠥᠪᠰᠢᠶᠡᠷᠡᠪᠡ ᠃
ᠪᠡᠷᠬᠡᠪᠤᠬᠠ ᠬᠡᠮᠡᠭᠴᠢ ᠴᠡᠭᠡᠵᠢ ᠴᠢᠬᠤᠯ ᠬᠥᠮᠦᠨ ᠠᠵᠤᠭᠤ ᠃ ᠲᠡᠷᠡ ᠲᠣᠭᠲᠤᠬ᠋᠎ᠠ ᠶ᠋ᠢ ᠰᠢᠬᠠᠵᠤ ᠶᠠᠪᠤᠭᠤᠯᠤᠭᠠᠳ ᠲᠡᠭᠦᠨ ᠦ᠌ ᠣᠷᠣᠨ ᠳ᠋ᠤ᠌ ᠪᠠᠷᠠᠭᠤᠨ ᠭᠠᠷᠤᠨ ᠴᠢᠩᠰᠠᠩ ᠤ᠋ᠨ ᠲᠤᠰᠢᠶᠠᠯ ᠳ᠋ᠤ᠌ ᠲᠠᠪᠰᠢᠭᠰᠠᠨ ᠪᠣᠯᠪᠠᠴᠤ ᠤᠷᠢᠳᠤᠬᠢ ᠥᠰᠢᠶ᠎ᠡ ᠬᠣᠷᠣᠰᠤᠯ ᠢ᠋ᠶ᠋ᠠᠨ ᠪᠣᠳᠣᠵᠤ ᠂ ᠭᠠᠨᠵᠸᠤ ᠳ᠋ᠤ᠌ ᠶᠠᠪᠤᠭᠰᠠᠨ ᠲᠣᠭᠲᠤᠬ᠋᠎ᠠ ᠶ᠋ᠢ ᠦᠷᠭᠦᠯᠵᠢᠯᠡᠨ ᠬᠣᠣᠷᠯᠠᠬᠤ ᠪᠠᠷ ᠣᠷᠣᠯᠳᠣᠪᠠ ᠃
ᠨᠢᠭᠡᠨ ᠡᠳᠦᠷ ᠪᠠᠷᠠᠯᠬᠠᠯ ᠲᠡᠭᠦᠰᠦᠭᠰᠡᠨ ᠦ᠌ ᠬᠣᠶ᠋ᠢᠨ᠎ᠠ ᠪᠡᠷᠬᠡᠪᠤᠬᠠ ᠲᠣᠬᠣᠨᠲᠡᠮᠤᠷ ᠬᠠᠭᠠᠨ ᠳ᠋ᠤ᠌ ᠰᠡᠮᠡᠬᠡᠷ ᠢᠷᠡᠵᠦ ᠠᠶ᠋ᠢᠯᠠᠤᠠᠬᠠᠷᠤᠨ ᠄ 《 ᠭᠠᠨᠵᠸᠤ ᠠ᠋ᠴᠠ ᠢᠷᠡᠭᠰᠡᠨ ᠡᠯᠴᠢᠨ ᠦ᠌ ᠬᠡᠯᠡᠬᠦ ᠪᠡᠷ ᠮᠠᠵᠠᠷᠲᠠᠢ ᠡᠴᠢᠭᠡ ᠬᠥᠪᠡᠭᠦᠨ ᠬᠣᠶᠠᠭᠤᠯᠠ ᠬᠡᠲᠦᠶ᠋ᠢᠪᠡᠷ ᠭᠠᠨᠵᠸᠤ ᠳ᠋ᠤ᠌ ᠬᠦᠷᠦᠭᠰᠡᠨ ᠪᠣᠯᠪᠠᠴᠤ ᠳᠠᠯᠳᠠᠭᠤᠷ ᠰᠦᠯᠪᠡᠭᠡᠯᠡᠨ ᠬᠤᠪᠢ ᠶ᠋ᠢᠨ ᠬᠡᠷᠡᠭ ᠢ᠋ᠶ᠋ᠡᠨ ᠦᠢᠯᠡᠳᠴᠦ ᠂ ᠬᠠᠭᠠᠨᠲᠤ ᠲᠥᠷᠥ ᠯᠤᠭᠡ ᠡᠰᠡᠷᠭᠦᠯᠡᠬᠦ ᠰᠠᠨᠠᠭ᠎ᠠ ᠲᠠᠢ 》 ᠬᠡᠮᠡᠪᠡ ᠃
ᠲᠣᠬᠣᠨᠲᠡᠮᠤᠷ ᠬᠠᠭᠠᠨ ᠠᠩᠬ᠎ᠠ ᠡᠬᠢᠨ ᠳ᠋ᠦ᠍ ᠪᠡᠨ ᠪᠡᠷᠬᠡᠪᠤᠬᠠ ᠶ᠋ᠢᠨ ᠦᠭᠡ ᠶ᠋ᠢ ᠢᠲᠡᠭᠡᠬᠦ ᠲᠡᠢ ᠢᠲᠡᠭᠡᠬᠦ ᠦᠭᠡᠢ ᠲᠡᠢ ᠪᠠᠶ᠋ᠢᠯᠤᠬ᠋ᠠ ᠃ ᠰᠡᠭᠦᠯᠡᠷ ᠨᠢ ᠳᠠᠬᠢᠨ ᠳᠠᠪᠲᠠᠨ ᠠᠶ᠋ᠢᠯᠠᠤᠠᠬᠠᠭᠰᠠᠨᠠ ᠬᠠᠭᠠᠨ ᠢ᠋ᠶ᠋ᠠᠷ ᠲᠡᠭᠦᠨ ᠦ᠌ ᠦᠭᠡ ᠶ᠋ᠢ ᠢᠲᠡᠭᠡᠵᠦ ᠮᠠᠵᠠᠷᠲᠠᠢ ᠶ᠋ᠢ ᠬᠥᠬᠡᠨᠠᠭᠤᠷ ᠤ᠋ᠨ ᠰᠠᠯᠠᠩ ( ᠣᠳᠣ ᠶ᠋ᠢᠨ ᠰᠢᠨᠢᠩ ) ᠳ᠋ᠦ᠍ ᠴᠦᠯᠡᠬᠦ ᠪᠡᠷ ᠵᠠᠷᠯᠢᠭ ᠪᠠᠭᠤᠯᠭᠠᠪᠠ ᠃ ᠰᠠᠯᠠᠩ ᠬᠡᠮᠡᠭᠴᠢ ᠡᠨᠳᠡ ᠪᠠᠶ᠋ᠢᠬ᠋᠎ᠠ ᠭᠠᠵᠠᠷ ᠪᠤᠰᠤ ᠂ ᠠᠶᠠᠨ ᠵᠠᠮ ᠬᠣᠯᠠ ᠂ ᠪᠤᠶ᠋ᠢᠲᠠ ᠪᠥᠭᠯᠡᠭᠦᠦ ᠪᠥᠭᠡᠳ ᠬᠥᠮᠦᠨ ᠠᠮᠢᠲᠠᠨ ᠴᠥᠭᠡᠨ ᠂ ᠠᠭᠤᠷ ᠠᠮᠢᠰᠬᠤᠯ ᠬᠠᠬᠢᠷ ᠬᠦᠢᠲᠡᠨ ᠂ ᠲᠡᠷᠡ ᠭᠠᠵᠠᠷ ᠲᠤ᠌ ᠴᠦᠯᠡᠭᠳᠡᠭᠰᠡᠨᠳ ᠦ᠋ᠨ ᠠᠷᠪᠠ ᠠ᠋ᠴᠠ ᠨᠢᠭᠡ ᠨᠢ ᠴᠦ᠍ ᠪᠤᠴᠠᠵᠤ ᠢᠷᠡᠵᠦ ᠳᠡᠶ᠋ᠢᠯᠬᠦ ᠦᠭᠡᠢ ᠪᠥᠯᠥᠭᠡ ᠃
ᠮᠠᠵᠠᠷᠲᠠᠢ ᠪᠠᠷ ᠬᠠᠭᠠᠨ ᠤ᠋ ᠵᠠᠷᠯᠢᠭ ᠊ᠢ ᠬᠦᠯᠢᠶᠡᠵᠦ ᠰᠠᠯᠠᠩ ᠤ᠋ᠨ ᠭᠠᠵᠠᠷ ᠲᠤ᠌ ᠶᠠᠪᠤᠬᠤ ᠪᠠᠷ ᠪᠡᠯᠡᠳᠬᠡᠪᠡ ᠃ ᠲᠣᠭᠲᠤᠬ᠋᠎ᠠ ᠪᠠᠷ ᠡᠴᠢᠭᠡ ᠶ᠋ᠢᠨ ᠪᠡᠶ᠎ᠡ ᠶ᠋ᠢᠨ ᠡᠷᠡᠭᠦᠯ ᠲᠡᠩᠬᠡᠯᠡᠭᠦᠨ ᠡᠳᠦᠷ ᠢᠷᠡᠬᠦᠶ᠎ᠡ ᠮᠠᠭᠤᠵᠢᠷᠠᠭᠰᠠᠨ ᠊ᠢ ᠦᠵᠡᠭᠡᠳ ᠮᠥᠨ ᠳᠠᠭᠠᠵᠤ ᠶᠠᠪᠤᠬᠤ ᠪᠠᠷ ᠲᠣᠬᠣᠨᠲᠡᠮᠤᠷ ᠬᠠᠭᠠᠨ ᠳ᠋ᠤ᠌ ᠠᠶ᠋ᠢᠯᠠᠤᠠᠬᠠᠨ ᠵᠥᠪᠰᠢᠶᠡᠷᠡᠭᠦᠯᠪᠡ ᠃
ᠮᠠᠵᠠᠷᠲᠠᠢ ᠡᠴᠢᠭᠡ ᠬᠥᠪᠡᠭᠦᠨ ᠬᠣᠶᠠᠭᠤᠯᠠ ᠰᠠᠯᠠᠩ ᠬᠦᠷᠬᠦ ᠠᠶᠠᠨ ᠵᠠᠮ ᠊ᠢ ᠡᠯᠭᠦᠵᠦ ᠬᠠᠭᠠᠰ ᠠᠶᠠᠯᠠᠲᠠᠯᠠ ᠬᠠᠭᠠᠨ ᠲᠥᠷᠥ ᠡᠴᠡ ᠳᠠᠬᠢᠨ ᠵᠠᠷᠯᠢᠭ ᠢᠷᠡᠭᠦᠯᠵᠦ ᠭᠠᠨᠵᠸᠤ ᠳ᠋ᠤᠷ ᠳᠠᠭᠤᠳᠠᠨ ᠠᠪᠴᠢᠷᠠᠪᠠ ᠃
ᠪᠡᠷᠬᠡᠪᠤᠬᠠ ᠪᠠᠷ ᠲᠣᠭᠲᠤᠬ᠋᠎ᠠ ᠡᠴᠢᠭᠡ ᠬᠥᠪᠡᠭᠦᠨ ᠬᠣᠶᠠᠷ ᠊ᠢ ᠦᠬᠦᠭᠦᠯᠦᠮᠡᠨᠵᠢᠨ ᠰᠠᠶᠢ ᠰᠡᠳᠬᠢᠯ ᠠᠮᠤᠷᠵᠢᠬᠤ ᠪᠠᠶ᠋ᠢᠲᠠᠯ᠎ᠠ ᠶᠠᠭᠠᠬᠢᠭᠠᠳ ᠪᠠᠰᠠ ᠭᠠᠨᠵᠸᠤ ᠳ᠋ᠤ᠌ ᠳᠠᠭᠤᠳᠠᠨ ᠠᠪᠴᠢᠷᠠᠭᠰᠠᠨ ᠪᠣᠢ? ᠬᠡᠮᠡᠪᠡᠰᠦ ᠪᠡᠷᠬᠡᠪᠤᠬᠠ ᠪᠠᠷᠠᠭᠤᠨ ᠭᠠᠷᠤᠨ ᠴᠢᠩᠰᠠᠩ ᠪᠣᠯᠤᠭᠰᠠᠨ ᠤ᠋ ᠬᠣᠶ᠋ᠢᠨ᠎ᠠ ᠨᠠᠶ᠋ᠢᠷ ᠲᠤ᠌ ᠠᠭᠤᠷ ᠳᠤᠲᠠᠭᠳᠠᠨ ᠂ ᠲᠩᠷᠢ ᠬᠥᠮᠦᠨ ᠯᠤᠭᠡ ᠡᠰᠡᠷᠭᠦᠯᠡᠨ ᠭᠠᠵᠠᠷ ᠬᠥᠳᠡᠯᠦᠨ ᠭᠣᠣᠯ ᠮᠥᠷᠡᠨ ᠦᠶᠡᠷᠯᠡᠵᠦ ᠂ ᠾᠧᠨᠠᠨ ᠂ ᠱᠠᠨᠳᠦ᠋ᠩ ᠦ᠋ᠨ ᠭᠠᠵᠠᠷ ᠲᠤ᠌ ᠬᠤᠯᠠᠭᠠᠢ ᠳᠡᠭᠡᠷᠡᠮ ᠳᠡᠪᠡᠷᠡᠵᠦ ᠂ ᠵᠢᠶᠠᠩ ᠬᠤᠸᠠᠢ ᠶ᠋ᠢᠨ ᠭᠠᠵᠠᠷ ᠲᠤ᠌ ᠵᠠᠯᠢᠬᠠᠢ ᠠᠷᠠᠳ ᠰᠦᠯᠪᠡᠭᠡᠯᠡᠨ ᠪᠣᠰᠤᠯᠴᠠᠭᠠᠳ ᠬᠤ᠌ ᠭᠤᠸᠠᠩ ᠤ᠋ᠨ ᠣᠷᠣᠨ ᠨᠡᠩᠳᠡ ᠰᠠᠮᠠᠭᠤᠷᠠᠵᠤᠬᠤᠢ ᠃ ᠡᠷᠡᠰ ᠰᠢᠯᠤᠭᠤᠨ ᠬᠠᠳᠠᠨ ᠵᠣᠷᠢᠭᠲᠤ ᠢᠦᠢᠢ᠍ᠱᠢ ᠲᠦᠰᠢᠮᠡᠯ ᠦ᠋ᠳ ᠡᠨᠡ ᠬᠢᠷᠢ ᠳ᠋ᠦ᠍ ᠲᠤᠰᠢᠶᠠᠯ ᠳ᠋ᠤ᠌ ᠪᠠᠨ ᠣᠰᠣᠯᠳᠠᠭᠰᠠᠨ ᠪᠡᠷᠬᠡᠪᠣᠬᠠ ᠶ᠋ᠢ ᠬᠠᠭᠠᠨ ᠳ᠋ᠤᠷ ᠢᠯᠡᠴᠢᠯᠡᠨ ᠵᠠᠭᠠᠯᠳᠤᠵᠤ ᠲᠡᠭᠦᠨ ᠊ᠢ ᠲᠤᠰᠢᠶᠠᠯ ᠠ᠋ᠴᠠ ᠨᠢ ᠬᠥᠭᠡᠭᠡᠵᠦ ᠪᠠᠭᠤᠯᠭᠠᠬᠤ ᠪᠠᠷ ᠬᠦᠴᠦᠯᠡᠨ ᠣᠷᠣᠯᠳᠣᠪᠠ ᠃
ᠪᠡᠷᠬᠡᠪᠣᠬᠠ ᠪᠠᠶ᠋ᠢᠲᠠᠯ ᠨᠢᠭᠡᠨᠲᠡ ᠡᠨᠡ ᠬᠢᠷᠢ ᠳ᠋ᠦ᠍ ᠬᠦᠷᠦᠭᠰᠡᠨ ᠊ᠢ ᠮᠡᠳᠡᠭᠡᠳ ᠥᠪᠡᠷ ᠢ᠋ᠶ᠋ᠡᠨ ᠲᠤᠰᠢᠶᠠᠯ ᠠ᠋ᠴᠠ ᠪᠠᠨ ᠣᠭᠴᠣᠷᠠᠬᠤ ᠪᠠᠷ ᠳᠡᠭᠡᠭᠰᠢ ᠠᠶ᠋ᠢᠯᠠᠤᠠᠬᠠᠪᠠ ᠃ ᠲᠣᠬᠤᠨᠲᠡᠮᠦᠷ ᠬᠠᠭᠠᠨ ᠢ᠋ᠶ᠋ᠠᠷ ᠪᠷᠬᠡᠪᠤᠬᠠ ᠶ᠋ᠢᠨ ᠠᠶ᠋ᠢᠯᠠᠤᠠᠬᠠᠯ ᠊ᠢ ᠳᠠᠷᠤᠢ ᠳ᠋ᠤ᠌ ᠨᠢ ᠵᠥᠪᠰᠢᠶᠡᠷᠡᠵᠦ ᠪᠠᠷᠠᠭᠤᠨ ᠭᠠᠷᠤᠨ ᠴᠢᠩᠰᠠᠩ ᠤ᠋ᠨ ᠲᠤᠰᠢᠶᠠᠯ ᠊ᠢ ᠬᠠᠰᠤᠭᠠᠳ ᠲᠠᠢᠰᠢ ᠴᠣᠯᠠ ᠰᠣᠶᠣᠷᠬᠠᠨ ᠭᠡᠷ ᠲᠦ᠍ ᠨᠢ ᠪᠤᠴᠠᠭᠠᠵᠤ ᠰᠠᠭᠤᠯᠭᠠᠪᠠ ᠃
ᠲᠡᠳᠦᠢ ᠳ᠋ᠦ᠍ᠷ ᠵᠡᠭᠦᠨ ᠭᠠᠷᠤᠨ ᠴᠢᠩᠰᠠᠩ ᠲᠡᠮᠦᠷᠳᠡᠰᠢ ( ᠬᠠᠩᠯᠢᠨ ᠤ᠋ ᠲᠣᠭᠲᠤᠬ᠋᠎ᠠ ᠶ᠋ᠢᠨ ᠬᠥᠪᠡᠭᠦᠨ ) ᠪᠠᠰᠠ ᠨᠠᠰᠤ ᠨᠥᠭᠴᠢᠭᠰᠡᠨ ᠪᠠᠶ᠋ᠢᠵᠤᠬᠤᠢ ᠃ ᠡᠭᠦᠨ ᠳ᠋ᠦ᠍ ᠲᠣᠬᠤᠨᠲᠡᠮᠦᠷ ᠬᠠᠭᠠᠨ ᠢ᠋ᠶ᠋ᠠᠷ ᠳᠤᠷᠵᠢᠪᠠᠯ ᠊ᠢ ᠪᠠᠷᠠᠭᠤᠨ ᠭᠠᠷᠤᠨ ᠴᠢᠩᠰᠠᠩ ᠂ ᠲᠠᠶ᠋ᠢᠫᠢᠩ ( ᠣᠪᠣᠭ ᠾᠧ ᠂ ᠨᠡᠷ᠎ᠡ ᠸᠧᠢ ᠢ ᠬᠡᠮᠡᠮᠦᠢ ᠂ ᠱᠠᠨᠰᠢ ᠶ᠋ᠢᠨ ᠬᠤ᠌ ᠰᠢᠶᠠᠨ ᠤ᠋ ᠬᠥᠮᠦᠨ ᠂ ᠬᠤᠪᠢᠯᠠᠢ ᠰᠡᠴᠡᠨ ᠬᠠᠭᠠᠨ ᠤ᠋ ᠦᠶ᠎ᠡ ᠶ᠋ᠢᠨ ᠨᠡᠷᠡᠲᠦ ᠲᠦᠰᠢᠮᠡᠯ ᠾᠧ ᠱᠸᠩ ᠦ᠋ᠨ ᠬᠥᠪᠡᠭᠦᠨ ) ᠊ᠢ ᠵᠡᠭᠦᠨ ᠭᠠᠷᠤᠨ ᠴᠢᠩᠰᠠᠩ ᠡᠷᠭᠦᠮᠵᠢᠯᠡᠪᠡ ᠃ ᠲᠠᠶ᠋ᠢᠫᠢᠩ ᠤᠭ ᠠ᠋ᠴᠠ ᠳᠣᠭᠲᠤᠬ᠋᠎ᠠ ᠡᠴᠢᠭᠡ ᠬᠥᠪᠡᠭᠦᠨ ᠯᠤᠭᠡ ᠭᠦᠨ ᠨᠠᠶ᠋ᠢᠷ ᠦᠭᠡᠢ ᠃ ᠡᠳᠦᠭᠡ ᠮᠠᠵᠠᠷᠲᠠᠢ ᠭᠠᠨᠵᠸᠤ ᠶ᠋ᠢᠨ ᠭᠠᠵᠠᠷ ᠨᠠᠰᠤ ᠪᠠᠷᠠᠭᠰᠠᠨ ᠊ᠢ ᠰᠣᠨᠣᠰᠤᠭᠠᠳ ᠳᠣᠭᠲᠤᠬ᠋᠎ᠠ ᠶ᠋ᠢᠨ ᠲᠥᠷᠥ ᠶ᠋ᠢᠨ ᠲᠥᠯᠥᠭᠡ ᠲᠥᠷᠥᠯ ᠢ᠋ᠶ᠋ᠡᠨ ᠣᠭᠣᠷᠴᠤ ᠰᠢᠳᠤᠷᠭᠤ ᠵᠢᠷᠤᠮ ᠊ᠢ ᠪᠠᠷᠢᠵᠤ ᠪᠠᠶᠠᠨ ᠊ᠢ ᠬᠥᠭᠡᠭᠡᠵᠦ ᠶᠠᠪᠤᠭᠤᠯᠤᠭᠰᠠᠨ ᠵᠢᠷᠤᠮᠲᠤ ᠦᠢᠯᠡ ᠶ᠋ᠢ ᠰᠠᠨᠠᠭᠠᠯᠵᠠᠨ ᠬᠠᠭᠠᠨ ᠳ᠋ᠤᠷ ᠠᠶ᠋ᠢᠯᠠᠤᠠᠬᠠᠷᠤᠨ ᠄ 《 ᠳᠣᠭᠲᠤᠬ᠋᠎ᠠ ᠶ᠋ᠢᠨ ᠤᠯᠤᠰ ᠤ᠋ᠨ ᠲᠥᠯᠥᠭᠡ ᠰᠢᠳᠤᠷᠭᠤ ᠪᠠᠷ ᠵᠢᠳᠬᠦᠭᠰᠡᠨ ᠭᠠᠪᠢᠶ᠎ᠠ ᠶ᠋ᠢ ᠳᠤᠷᠠᠳᠬᠠᠨ ᠲᠡᠭᠦᠨ ᠳ᠋ᠦ᠍ ᠣᠨᠴᠠ ᠥᠷᠥᠰᠢᠶᠡᠯ ᠦᠵᠡᠭᠦᠯᠬᠦ ᠪᠣᠯᠪᠠᠤ 》 ᠬᠡᠮᠡᠭᠰᠡᠨ ᠳ᠋ᠦ᠍ ᠲᠣᠬᠤᠨᠲᠡᠮᠦᠷ ᠬᠠᠭᠠᠨ ᠲᠡᠷᠡ ᠳᠠᠷᠤᠢ ᠬᠠᠷᠢᠭᠤ ᠵᠠᠷᠯᠢᠭ ᠪᠠᠭᠤᠯᠭᠠᠵᠤ ᠳᠣᠭᠲᠤᠬ᠋᠎ᠠ ᠶ᠋ᠢ ᠨᠡᠶ᠋ᠢᠰᠯᠡᠯ ᠬᠣᠲᠠᠨ᠎ᠠ ᠳᠠᠭᠤᠳᠠᠨ ᠠᠪᠴᠢᠷᠠᠪᠠ ᠃
ᠳᠣᠭᠲᠤᠬ᠋᠎ᠠ ᠭᠠᠨᠵᠸᠤ ᠳ᠋ᠤ᠌ ᠡᠴᠢᠭᠡ ᠪᠡᠨ ᠳᠠᠭᠠᠵᠤ ᠬᠡᠳᠦᠨ ᠵᠢᠯ ᠭᠠᠰᠢᠭᠤᠨ ᠵᠣᠪᠠᠭᠤᠷᠢᠲᠠᠢ ᠠᠮᠢᠳᠤᠷᠠᠯ ᠥᠩᠭᠡᠷᠡᠭᠦᠯᠦᠭᠰᠡᠨ ᠢ᠋ᠶ᠋ᠡᠨ ᠪᠣᠳᠣᠵᠤ ᠂ ᠡᠨᠡ ᠤᠳᠠᠭ᠎ᠠ ᠵᠣᠯ ᠢ᠋ᠶ᠋ᠠᠷ ᠬᠠᠭᠠᠨ ᠤ᠋ ᠥᠷᠥᠰᠢᠶᠡᠯ ᠊ᠢ ᠣᠯᠵᠤ ᠨᠡᠶ᠋ᠢᠰᠯᠡᠯ ᠳ᠋ᠦ᠍ ᠪᠤᠴᠠᠬᠤ ᠵᠠᠪᠰᠢᠶᠠᠨ ᠲᠠᠢ ᠪᠣᠯᠤᠭᠰᠠᠨ ᠊ᠢ ᠰᠠᠨᠠᠭᠠᠯᠵᠠᠨ ᠬᠠᠭᠠᠨ ᠤ᠋ ᠰᠢᠳᠠᠷ ᠪᠠᠶ᠋ᠢᠬ᠋᠎ᠠ ᠲᠡᠭᠦᠨ ᠳ᠋ᠦ᠍ ᠲᠤᠰᠠ ᠬᠦᠷᠭᠡᠭᠰᠡᠨ ᠰᠠᠶ᠋ᠢᠳ ᠲᠦᠰᠢᠮᠡᠳ ᠦ᠋ᠨ ᠠᠴᠢ ᠶ᠋ᠢ ᠬᠠᠷᠢᠭᠤᠯᠠᠨ ᠂ ᠬᠠᠳᠬᠤᠨ ᠦᠭᠦᠯᠡᠭᠰᠡᠨ ᠤᠤᠯᠢᠬᠠᠢ ᠲᠦᠰᠢᠮᠡᠳ ᠊ᠢ ᠲᠣᠬᠢᠶᠠᠯ ᠲᠠᠭᠠᠷᠠᠪᠠᠯ ᠨᠢᠭᠡ ᠨᠢᠭᠡ ᠪᠡᠷ ᠠᠷᠢᠯᠭᠠᠨ ᠴᠡᠪᠡᠷᠯᠡᠵᠦ ᠂ ᠬᠠᠤᠯᠢ ᠴᠠᠭᠠᠵᠠ ᠪᠠᠷ ᠴᠢᠩᠭ᠎ᠠ ᠰᠢᠢᠳᠬᠡᠵᠦ ᠴᠡᠭᠡᠵᠢᠨ ᠳ᠋ᠦ᠍ ᠪᠥᠭᠯᠡᠷᠡᠭᠰᠡᠨ ᠠᠭᠤᠷ ᠬᠢᠯᠢᠩ ᠢ᠋ᠶ᠋ᠡᠨ ᠲᠠᠶ᠋ᠢᠯᠰᠤᠭᠠᠢ ᠭᠡᠮᠡᠨ ᠬᠠᠲᠠᠭᠤ ᠵᠣᠷᠢᠭ ᠊ᠢ ᠪᠠᠷᠢᠵᠤ ᠂ ᠳᠠᠶ᠋ᠢᠳᠤ ᠬᠣᠲᠠᠨ᠎ᠠ ᠪᠤᠴᠠᠵᠤ ᠢᠷᠡᠭᠡᠳ ᠬᠠᠭᠠᠨ ᠤ᠋ ᠥᠷᠥᠰᠢᠶᠡᠯ ᠬᠡᠰᠢᠭ ᠲᠦ᠍ ᠮᠥᠷᠭᠥᠪᠡ ᠃
ᠲᠣᠬᠤᠨᠲᠡᠮᠦᠷ ᠬᠠᠭᠠᠨ ᠶᠡᠬᠡᠳᠡ ᠪᠠᠶᠠᠷᠯᠠᠵᠤ ᠳᠣᠭᠲᠤᠬ᠋᠎ᠠ ᠶ᠋ᠢ ᠬᠠᠯᠠᠭᠤᠨ ᠢ᠋ᠶ᠋ᠠᠷ ᠤᠭᠲᠤᠨ ᠬᠤᠷᠢᠮᠯᠠᠭᠠᠳ ᠲᠠᠶ᠋ᠢᠹᠦ᠋ ᠲᠦᠰᠢᠮᠡᠯ ᠡᠷᠭᠦᠮᠵᠢᠯᠡᠵᠦ ᠵᠡᠭᠦᠨ ᠣᠷᠳᠣᠨ ( ᠲᠠᠶ᠋ᠢᠽᠢ ᠶ᠋ᠢᠨ ᠣᠷᠳᠣᠨ ) ᠤ᠋ ᠬᠡᠷᠡᠭ ᠊ᠢ ᠮᠡᠳᠡᠭᠦᠯᠪᠡ ᠃
ᠳᠣᠭᠲᠤᠬ᠋᠎ᠠ ᠵᠡᠭᠦᠨ ᠣᠷᠳᠣᠨ ᠳ᠋ᠤ᠌ ᠢᠷᠡᠭᠡᠳ ᠲᠡᠭᠦᠨ ᠊ᠢ ᠬᠠᠭᠠᠨ ᠳ᠋ᠤ᠌ ᠠᠶ᠋ᠢᠯᠠᠤᠠᠬᠠᠨ ᠭᠠᠨᠵᠸᠤ ᠠ᠋ᠴᠠ ᠬᠡᠷᠬᠢᠨ ᠪᠤᠴᠠᠭᠠᠨ ᠠᠪᠴᠢᠷᠠᠭᠰᠠᠨ ᠲᠤᠬᠠᠢ ᠣᠶ᠋ᠢᠯᠠᠭᠠᠬᠤ ᠪᠠᠷ ᠰᠠᠨᠠᠵᠤ ᠪᠠᠶ᠋ᠢᠲᠠᠯ᠎ᠠ ᠨᠢᠭᠡᠨ ᠡᠳᠦᠷ ᠬᠠᠭᠠᠨ ᠤ᠋ ᠰᠢᠳᠠᠷ ᠲᠦᠰᠢᠮᠡᠯ ᠠᡁᠠᠮᠠ ᠬᠡᠮᠡᠭᠴᠢ ᠢᠷᠡᠵᠦ ᠲᠡᠭᠦᠨ ᠯᠤᠭᠡ ᠠᠭᠤᠯᠵᠠᠪᠠ ᠃
ᠠᡁᠠᠮᠠ ᠪᠣᠯᠪᠠᠰᠤ ᠲᠣᠬᠤᠨᠲᠡᠮᠦᠷ ᠬᠠᠭᠠᠨ ᠤ᠋ ᠨᠥᠭᠥᠭᠡ ᠡᠬᠡ ᠡᠴᠡ ᠲᠥᠷᠥᠭᠰᠡᠨ ᠳᠡᠭᠦᠦ ᠷᠢᠨᠵᠢᠨᠪᠠᠯ ( ᠨᠢᠩᠽᠦᠢ᠍ᠩ ᠬᠠᠭᠠᠨ ) ᠤ᠋ ᠭᠥᠭᠦᠯᠳᠦ ᠡᠬᠡ ᠶ᠋ᠢᠨ ᠬᠥᠪᠡᠭᠦᠨ ᠪᠣᠯᠤᠮᠤᠢ ᠃ ᠬᠢᠪᠴᠠᠭ ᠬᠥᠮᠦᠨ ᠪᠤᠶᠤ ᠃ ᠣᠯᠠᠨ ᠢ᠋ᠶ᠋ᠠᠷ ᠢ᠋ᠶ᠋ᠠᠨ ᠲᠡᠭᠦᠨ ᠊ᠢ 《 ᠬᠠᠮᠠᠷᠲᠤ 》 ᠭᠡᠮᠡᠨ ᠳᠠᠭᠤᠳᠠᠮᠤᠢ ᠃ ᠡᠴᠢᠭᠡ ᠶ᠋ᠢᠨ ᠨᠡᠷ᠎ᠡ ᠢᠨᠤ ᠲᠦᠷᠡᠢ ᠭᠡᠳᠡᠭ ᠃ ᠠᡁᠠᠮᠠ ᠳᠡᠭᠦᠦ ᠱᠤᠱᠠᠭ ᠯᠤᠭ᠎ᠠ ᠬᠠᠮᠲᠤ ᠪᠠᠷ ᠬᠠᠭᠠᠨ ᠤ᠋ ᠰᠢᠳᠠᠷ ᠬᠠᠮᠠᠭᠠᠯᠠᠬᠤ ᠴᠡᠷᠢᠭ ᠲᠦ᠍ ᠡᠯᠰᠡᠭᠳᠡᠵᠦ ᠲᠣᠬᠤᠨᠲᠡᠮᠦᠷ ᠦ᠋ᠨ ᠭᠦᠨ ᠢᠲᠡᠭᠡᠯ ᠊ᠢ ᠣᠯᠤᠭᠰᠠᠨ ᠠᠵᠤᠭᠤ ᠃ ᠠᡁᠠᠮᠠ ᠦᠭᠡ ᠬᠡᠯᠡᠨ ᠳ᠋ᠦ᠍ ᠪᠡᠨ ᠬᠤᠷᠴᠠ ᠂ ᠡᠪᠯᠡᠭᠦᠯᠵᠦ ᠳᠡᠪᠯᠡᠭᠦᠯᠬᠦ ᠳ᠋ᠦ᠍ ᠴᠢᠳᠠᠮᠠᠭᠠᠢ ᠲᠤᠯᠠᠳᠠ ᠬᠠᠭᠠᠨ ᠤ᠋ ᠰᠢᠷᠡᠭᠡᠨ ᠦ᠌ ᠡᠮᠦᠨᠡᠬᠢ ᠰᠢᠳᠠᠷ ᠲᠦᠰᠢᠮᠡᠯ ᠪᠣᠯᠵᠠᠢ ᠃ ᠳᠣᠭᠲᠤᠬ᠋᠎ᠠ ᠠᠩᠬ᠎ᠠ ᠲᠡᠷᠢᠭᠦᠯᠡᠭᠰᠡᠨ ᠰᠠᠶ᠋ᠢᠳ ᠪᠠᠶ᠋ᠢᠬᠰᠠᠨ ᠦᠶ᠎ᠡ ᠳ᠋ᠦ᠍ ᠠᡁᠠᠮᠠ ᠲᠡᠭᠦᠨ ᠊ᠢ ᠮᠠᠭᠲᠠᠨ ᠪᠢᠯᠪᠢᠭᠦᠷᠳᠡᠵᠦ ᠦᠭᠡ ᠪᠦᠬᠦᠨ ᠡᠴᠡ ᠵᠥᠷᠢᠬᠦ ᠦᠭᠡᠢ ᠪᠠᠶ᠋ᠢᠪᠠ ᠃ ᠳᠣᠭᠲᠤᠬ᠋᠎ᠠ ᠡᠴᠢᠭᠡ ᠪᠡᠨ ᠳᠠᠭᠠᠵᠤ ᠭᠠᠨᠵᠸᠦ ᠳ᠋ᠦ᠍ ᠣᠴᠢᠬᠤ ᠳ᠋ᠤ᠌ ᠬᠠᠭᠠᠨ ᠤ᠋ ᠡᠮᠦᠨ᠎ᠡ ᠲᠣᠭᠲᠤᠬ᠋᠎ᠠ ᠶ᠋ᠢ ᠲᠥᠯᠥᠭᠡᠯᠡᠨ ᠦᠭᠡ ᠶ᠋ᠢ ᠨᠢ ᠳᠠᠮᠵᠢᠭᠤᠯᠤᠭᠰᠠᠨ ᠠᠪᠠᠴᠤ ᠲᠡᠳᠦᠢ ᠶᠡᠬᠡ ᠬᠠᠯᠠᠭᠤᠮᠰᠤᠭ ᠪᠤᠰᠤ ᠪᠠᠶ᠋ᠢᠪᠠ ᠃
ᠡᠳᠦᠭᠡ ᠲᠣᠭᠲᠤᠬ᠋᠎ᠠ ᠨᠡᠶ᠋ᠢᠰᠯᠡᠯ ᠬᠣᠲᠠᠨ᠎ᠠ ᠪᠤᠴᠠᠵᠤ ᠢᠷᠡᠭᠰᠡᠨ ᠳᠠᠷᠤᠢ ᠳ᠋ᠤ᠌ ᠠᡁᠠᠮᠠ ᠲᠤᠰᠬᠠᠶ᠋ᠢᠯᠠᠨ ᠲᠣᠭᠲᠤᠬ᠋᠎ᠠ ᠲᠠᠢ ᠠᠭᠤᠯᠵᠠᠵᠤ ᠲᠡᠭᠦᠨ ᠊ᠢ ᠬᠠᠭᠠᠨ ᠤ᠋ ᠡᠮᠦᠨ᠎ᠡ ᠬᠡᠷᠬᠢᠨ ᠪᠠᠲᠤᠯᠠᠨ ᠬᠡᠯᠡᠵᠦ ᠨᠡᠶ᠋ᠢᠰᠯᠡᠯ ᠳ᠋ᠦ᠍ ᠪᠤᠴᠠᠭᠠᠵᠤ ᠠᠪᠴᠢᠷᠠᠭᠰᠠᠨ ᠲᠤᠬᠠᠢ ᠦᠯᠢᠭᠡᠷ ᠵᠣᠬᠢᠶᠠᠵᠤ ᠥᠪᠡᠷ ᠦ᠋ᠨ ᠭᠠᠪᠢᠶ᠎ᠠ ᠪᠣᠯᠭᠠᠨ ᠲᠣᠭᠠᠴᠢᠪᠠ ᠃ ᠲᠣᠭᠲᠤᠬ᠋᠎ᠠ ᠰᠣᠨᠣᠰᠤᠭᠠᠳ ᠮᠠᠰᠢᠳᠠ ᠪᠠᠶᠠᠷᠯᠠᠨ ᠲᠠᠯᠠᠷᠬᠠᠵᠤ ᠳᠡᠯᠡᠬᠡᠢ ᠳ᠋ᠠᠬᠢᠨ ᠤ᠋ ᠲᠡᠷᠢᠭᠦᠨ ᠰᠠᠢᠨ ᠬᠥᠮᠦᠨ ᠭᠡᠮᠡᠨ ᠮᠠᠭᠲᠠᠵᠤ ᠠᠴᠢ ᠭᠠᠪᠢᠶ᠎ᠠ ᠶ᠋ᠢ ᠴᠢᠨᠢ ᠡᠭᠦᠷᠢᠳᠡ ᠴᠡᠭᠡᠵᠢᠯᠡᠨ ᠬᠦᠨᠳᠦ ᠪᠡᠷ ᠬᠠᠷᠢᠭᠤᠯᠠᠰᠤᠭᠠᠢ ᠬᠡᠮᠡᠪᠡ ᠃ ᠲᠣᠭᠲᠤᠬ᠋᠎ᠠ ᠶ᠋ᠢ ᠦᠨᠡᠨ ᠢ᠋ᠶ᠋ᠡᠷ ᠬᠠᠭᠠᠨ ᠳ᠋ᠤᠷ ᠪᠠᠲᠤᠯᠠᠨ ᠡᠷᠭᠦᠭᠰᠡᠨ ᠬᠥᠮᠦᠨ ᠪᠣᠯ ᠲᠠᠶ᠋ᠢᠫᠢᠩ ᠠᠵᠤᠭᠤ ᠃ ᠡᠳᠦᠭᠡ ᠲᠡᠷᠡ ᠬᠠᠷᠢᠨ ᠦᠭᠡ ᠳᠠᠭᠤᠨ ᠦᠭᠡᠢ ᠪᠠᠶ᠋ᠢᠵᠤᠬᠤᠢ ᠃
ᠠᡁᠠᠮᠠ ᠂ ᠲᠣᠭᠲᠤᠬ᠋᠎ᠠ ᠶ᠋ᠢᠨ ᠲᠡᠨᠳᠡ ᠡᠴᠡ ᠬᠠᠷᠢᠵᠤ ᠢᠷᠡᠭᠡᠳ ᠲᠣᠬᠤᠨᠲᠡᠮᠦᠷ ᠬᠠᠭᠠᠨ ᠳ᠋ᠤ᠌ ᠲᠣᠭᠲᠤᠬ᠋᠎ᠠ ᠶ᠋ᠢ ᠶᠡᠬᠡᠳᠡ ᠡᠷᠭᠦᠨ ᠮᠠᠭᠲᠠᠪᠠ ᠃ ᠲᠣᠬᠤᠨᠲᠡᠮᠦᠷ ᠬᠠᠭᠠᠨ ᠠᡁᠠᠮᠠ ᠶ᠋ᠢᠨ ᠦᠭᠡ ᠶ᠋ᠢ ᠢᠲᠡᠭᠡᠵᠦ ᠲᠣᠭᠲᠤᠬ᠋᠎ᠠ ᠶ᠋ᠢ ᠳᠠᠬᠢᠨ ᠲᠥᠪ ᠪᠢᠴᠢᠭ ᠦ᠋ᠨ ᠮᠣᠵᠢ ᠶ᠋ᠢᠨ ᠪᠠᠷᠠᠭᠤᠨ ᠭᠠᠷᠤᠨ ᠴᠢᠩᠰᠠᠩ ᠡᠷᠭᠦᠮᠵᠢᠯᠡᠵᠦ ᠂ ᠤᠤᠯ ᠤ᠋ᠨ ᠪᠠᠷᠠᠭᠤᠨ ᠭᠠᠷᠤᠨ ᠴᠢᠩᠰᠠᠩ ᠤ᠋ᠨ ᠲᠤᠰᠢᠶᠠᠯ ᠳ᠋ᠤ᠌ ᠳᠠᠪᠰᠢᠭᠰᠠᠨ ᠤ᠋ ᠳᠠᠷᠠᠭ᠎ᠠ ᠂ ᠦᠬᠦᠰᠦᠨ ᠯᠢᠶᠠᠩ ᠵᠸᠨ ( ᠵᠦᠷᠴᠢᠨ ᠬᠥᠮᠦᠨ ) ᠿᠦ᠍ ᠵᠦᠩ ᠪᠠᠢ ( ᠬᠢᠲᠠᠳ ᠬᠥᠮᠦᠨ ) ᠂ ᠪᠦᠸᠧ ᠲᠡᠮᠦᠷ ( ᠬᠠᠷᠠᠯᠤᠳ ᠣᠪᠣᠭᠲᠠᠨ ) ᠠᡁᠠᠮᠠ ᠨᠠᠷ ᠊ᠢ ᠡᠷᠭᠦᠨ ᠬᠡᠷᠡᠭᠯᠡᠵᠦ ᠬᠤᠪᠢ ᠶ᠋ᠢᠨ ᠥᠰᠢᠶ᠎ᠡ ᠬᠣᠷᠣᠰᠤᠯ ᠊ᠢ ᠰᠡᠳᠬᠢᠨ ᠬᠠᠷᠢᠭᠤ ᠠᠪᠴᠤ ᠡᠬᠢᠯᠡᠪᠡ ᠃
ᠲᠣᠭᠲᠤᠬ᠋᠎ᠠ ᠤᠭ ᠠ᠋ᠴᠠ ᠰᠢᠳᠤᠷᠭᠤ ᠵᠢᠷᠤᠮᠲᠠᠨ ᠭᠡᠮᠡᠨ ᠠᠯᠳᠠᠷᠲᠠᠢ ᠪᠥᠯᠥᠭᠡ ᠃ ᠡᠳᠦᠭᠡ ᠵᠠᠰᠠᠭ ᠲᠥᠷᠥ ᠶ᠋ᠢᠨ ᠳᠡᠭᠡᠳᠦ ᠡᠷᠬᠡ ᠶ᠋ᠢ ᠠᠳᠬᠤᠭᠰᠠᠨ ᠤ᠋ ᠬᠣᠶ᠋ᠢᠨ᠎ᠠ ᠶᠠᠭᠠᠬᠢᠭᠠᠳ ᠥᠩᠭᠡᠷᠡᠭᠰᠡᠨ ᠦ᠌ ᠭᠠᠪᠢᠶᠠᠲᠠᠨ ᠰᠠᠶ᠋ᠢᠳ ᠠᠷᠤᠭᠲᠤ ᠂ ᠳᠣᠷᠵᠢᠪᠠᠯ ᠨᠠᠷ ᠯᠤᠭ᠎ᠠ ᠨᠥᠬᠥᠷᠯᠡᠬᠦ ᠦᠭᠡᠢ ᠪᠣᠯᠤᠭᠰᠠᠨ ᠪᠣᠢ ? ᠬᠡᠮᠡᠪᠡᠰᠦ ᠨᠠᠷᠢᠨ ᠤᠴᠢᠷ ᠠᠨᠤ ᠡᠶ᠋ᠢᠮᠦ ᠪᠥᠯᠥᠭᠡ ᠃
ᠤᠷᠢᠳᠤ ᠪᠡᠷᠭᠡᠪᠦᠬᠠ ᠡᠷᠬᠡ ᠠᠳᠬᠤᠭᠰᠠᠨ ᠤ᠋ ᠬᠣᠶ᠋ᠢᠨ᠎ᠠ ᠲᠣᠭᠲᠤᠬ᠋᠎ᠠ ᠶ᠋ᠢ ᠪᠦᠷᠢᠯᠭᠡᠶᠡ ᠭᠡᠮᠡᠨ ᠠᠷᠤᠭᠲᠦ ᠯᠤᠭ᠎ᠠ ᠵᠥᠪᠯᠡᠭᠰᠡᠨᠡ ᠲᠡᠷᠡ ᠄ 《 ᠪᠢᠳᠡᠨ ᠳ᠋ᠦ᠍ᠷ ᠪᠦᠷ ᠲᠤᠰᠢᠶᠠᠯ ᠠ᠋ᠴᠠ ᠪᠤᠴᠠᠬᠤ ᠡᠳᠦᠷ ᠪᠣᠢ ᠪᠣᠯᠠᠢ ᠃ ᠬᠣᠯᠠ ᠪᠣᠢ ᠪᠤᠰᠤ ᠬᠥᠮᠦᠨ ᠪᠢᠳᠡᠨ ᠊ᠢ ᠶᠠᠮᠠᠷ ᠬᠡᠮᠡᠬᠦ ᠠᠵᠢ 》 ᠬᠡᠮᠡᠪᠡ ᠃ ᠪᠡᠷᠭᠡᠪᠦᠬᠠ ᠪᠠᠷ ᠳᠠᠬᠢᠨ ᠳᠠᠪᠲᠠᠨ ᠬᠡᠯᠡᠪᠡᠴᠦ ᠠᠷᠤᠭᠲᠦ ᠲᠡᠭᠦᠨ ᠦ᠌ ᠰᠠᠨᠠᠭ᠎ᠠ ᠶ᠋ᠢ ᠡᠭᠡᠨᠡᠭᠲᠡ ᠵᠥᠪᠰᠢᠶᠡᠷᠡᠬᠦ ᠦᠭᠡᠢ ᠲᠤᠯᠠ ᠪᠡᠷᠭᠡᠪᠦᠬᠠ ᠥᠰᠢᠵᠦ ᠢᠤᠶ᠋ᠢᠱᠢ ᠳ᠋ᠠᠶ᠋ᠢᠹᠦ᠋ ᠲᠦᠰᠢᠮᠡᠯ ᠨᠠᠷ ᠊ᠢ ᠥᠳᠥᠭᠡᠵᠦ ᠠᠷᠤᠭᠲᠦ ᠶ᠋ᠢᠨ ᠭᠡᠮ ᠊ᠢ ᠡᠷᠢᠵᠦ ᠢᠯᠡᠴᠢᠯᠡᠨ ᠪᠤᠷᠤᠭᠤᠰᠢᠶᠠᠭᠠᠳ ᠲᠤᠰᠢᠶᠠᠯ ᠠ᠋ᠴᠠ ᠨᠢ ᠬᠥᠭᠡᠭᠡᠬᠦ ᠪᠡᠷ ᠣᠷᠣᠯᠳᠣᠪᠠ ᠃
ᠠᠷᠤᠭᠲᠦ ᠪᠡᠷ ᠪᠡᠷᠭᠡᠪᠦᠬᠠ ᠶ᠋ᠢᠨ ᠦᠨᠡᠨ ᠬᠤᠳᠠᠯ ᠨᠢ ᠦᠯᠦ ᠢᠯᠭᠠᠷᠠᠬᠤ ᠬᠠᠳᠬᠤᠨ ᠬᠤᠳᠬᠤᠵᠤ ᠠᠭᠠᠰᠢᠯᠠᠬᠤ ᠶ᠋ᠢ ᠲᠡᠰᠴᠦ ᠶᠠᠳᠠᠭᠠᠳ ᠬᠣᠲᠠ ᠠ᠋ᠴᠠ ᠭᠠᠷᠴᠤ ᠣᠨᠳᠣᠣ ᠭᠠᠵᠠᠷ ᠲᠤ᠌ ᠵᠠᠶ᠋ᠢᠯᠠᠪᠠ ᠃ ᠠᠷᠤᠭᠲᠦ ᠶ᠋ᠢᠨ ᠨᠥᠬᠥᠳ ᠢᠨᠦ ᠲᠥᠪ ᠶᠣᠰᠣᠨ ᠊ᠢ ᠪᠠᠷᠢᠵᠤ ᠬᠠᠭᠠᠨ ᠳ᠋ᠤᠷ ᠪᠠᠷᠠᠯᠬᠠᠨ ᠤᠴᠢᠷ ᠊ᠢ ᠢᠯᠭᠠᠨ ᠠᠶ᠋ᠢᠯᠠᠤᠠᠬ᠎ᠠ ᠬᠡᠮᠡᠭᠰᠡᠨ ᠳ᠋ᠦ᠍ᠷ ᠠᠷᠤᠭᠲᠦ ᠥᠭᠦᠯᠡᠷᠦᠨ ᠄ 《 ᠪᠢ ᠪᠡᠷ ᠪᠣᠭᠣᠷᠴᠤ ᠶ᠋ᠢᠨ ᠠᠴᠢ ᠪᠦᠬᠦᠢ ᠶ᠋ᠢᠨ ᠲᠤᠯᠠ ᠴᠢᠩᠰᠠᠩ ᠪᠤᠯᠬᠤᠢ ᠳ᠋ᠤᠷ ᠶᠠᠭᠤᠨ ᠊ᠢ᠎ᠠ ᠪᠡᠷᠬᠡ ᠠᠮᠤᠢ ? ᠭᠠᠭᠴᠠ ᠳᠡᠭᠡᠷᠡᠬᠢ ᠶ᠋ᠢᠨ ᠵᠠᠷᠯᠢᠭ ᠠ᠋ᠴᠠ ᠠᠶᠤᠮᠰᠢᠭ ᠦᠭᠡᠢ ᠴᠠᠷᠭᠤᠯᠠᠵᠤ ᠦᠯᠦ ᠪᠣᠯᠤᠶᠤ ᠃ ᠡᠳᠦᠭᠡ ᠢᠤᠶ᠋ᠢᠱᠢ ᠳ᠋ᠠᠶ᠋ᠢᠹᠦ᠋ ᠲᠦᠰᠢᠮᠡᠯ ᠨᠠᠮ᠎ᠠ ᠶ᠋ᠢ ᠪᠤᠷᠤᠭᠤᠰᠢᠶᠠᠭᠰᠠᠨ ᠤ᠋ ᠤᠴᠢᠷ ᠪᠢ ᠳᠠᠷᠤᠢ ᠵᠠᠶ᠋ᠢᠯᠠᠪᠠᠰᠤ ᠵᠣᠬᠢᠮᠤᠢ ᠃ ᠪᠠᠶ᠋ᠢᠴᠠᠭᠠᠨ ᠠᠶ᠋ᠢᠯᠠᠤᠠᠬᠠᠬᠤ ᠬᠣᠷᠢᠶ᠎ᠠ ᠶ᠋ᠢ ᠰᠡᠴᠡᠨ ᠬᠠᠭᠠᠨ ᠪᠠᠶ᠋ᠢᠭᠤᠯᠵᠤᠬᠤᠢ ᠃ ᠪᠢ ᠬᠡᠷᠪᠡᠲᠠ ᠢᠤᠶ᠋ᠢᠱᠢ ᠲᠦᠰᠢᠮᠡᠯ ᠯᠤᠭᠡ ᠡᠰᠡᠷᠭᠦᠯᠠᠪᠠᠰᠦ ᠮᠥᠨ ᠬᠦ ᠰᠡᠴᠡᠨ ᠬᠠᠭᠠᠨ ᠯᠤᠭ᠎ᠠ ᠡᠰᠡᠷᠭᠦᠯᠡᠭᠰᠡᠨ ᠨᠢᠭᠡᠨ ᠠᠳᠠᠯᠢ ᠲᠤᠯᠠ ᠲᠠᠨ ᠢ᠋ᠶ᠋ᠠᠷ ᠵᠢᠴᠢ ᠳᠠᠬᠢᠵᠤ ᠪᠤᠤ ᠦᠭᠦᠯᠡᠭᠲᠦᠨ 》 ᠬᠡᠮᠡᠭᠡᠳ ᠲᠤᠰᠢᠶᠠᠯ ᠠ᠋ᠴᠠ ᠪᠠᠨ ᠣᠭᠴᠣᠷᠠᠨ ᠵᠠᠶ᠋ᠢᠯᠠᠵᠤ ᠶᠠᠪᠤᠪᠠ ᠃
ᠲᠣᠷᠵᠢᠪᠠᠯ ᠬᠡᠲᠦᠶ᠋ᠢᠪᠡᠷ ᠲᠥᠷᠥ ᠶ᠋ᠢᠨ ᠲᠥᠯᠦᠭᠡᠯᠡᠭᠰᠡᠨ ᠰᠠᠶ᠋ᠢᠳ ᠪᠠᠶ᠋ᠢᠬᠰᠠᠨ ᠠ᠋ᠴᠠ ᠪᠠᠨ ᠫᠢᠩ ᠵᠠᠩ ᠵᠸᠩᠱᠢ ᠲᠦᠰᠢᠮᠡᠯ ᠪᠣᠯᠤᠭᠰᠠᠨ ᠠᠪᠠᠴᠤ ᠶᠠᠮᠠᠷ ᠴᠤ᠌ ᠭᠣᠮᠣᠳᠠᠯ ᠦᠭᠡᠢ ᠦᠨᠡᠨᠴᠢ ᠰᠡᠳᠬᠢᠯ ᠊ᠢ ᠪᠠᠷᠢᠵᠤ ᠲᠤᠰᠢᠶᠠᠯ ᠳ᠋ᠤ᠌ ᠪᠠᠨ ᠰᠢᠳᠤᠷᠭᠤ ᠶ᠋ᠢ ᠭᠦᠢᠴᠡᠳᠬᠡᠵᠦ ᠪᠠᠶ᠋ᠢᠪᠠ ᠃ ᡁᠢ ᠵᠧᠩ ᠦ᠋ᠨ ᠠᠷᠪᠠᠨ ᠨᠢᠭᠡᠳᠦᠭᠡᠷ ᠣᠨ (1351 ᠣᠨ ) ᠳ᠋ᠤ᠌ ᠲᠣᠭᠲᠤᠬ᠋᠎ᠠ ᠶ᠋ᠢᠨ ᠳᠡᠭᠦᠦ ᠢᠤᠶ᠋ᠢᠱᠢ ᠳ᠋ᠠᠶ᠋ᠢᠹᠦ᠋ ᠲᠦᠰᠢᠮᠡᠯ ᠡᠰᠡᠨᠲᠡᠮᠤᠷ ᠴᠡᠷᠢᠭ ᠳᠠᠶ᠋ᠢᠴᠢᠯᠠᠨ ᠯᠢᠦ ᠹᠦ ᠲᠦᠩ ᠦ᠋ᠨ ᠤᠳᠤᠷᠢᠳᠤᠭᠰᠠᠨ ᠤᠯᠠᠭᠠᠨ ᠠᠯᠴᠢᠭᠤᠷᠲᠠᠨ ᠴᠡᠷᠢᠭ ᠲᠡᠢ ᠪᠠᠶ᠋ᠢᠯᠲᠤᠨ ᠢᠯᠠᠭᠳᠠᠪᠠ ᠃ ᠫᠢᠩ ᠵᠠᠩ ᠵᠸᠩᠱᠢ ᠲᠦᠰᠢᠮᠡᠯ ᠲᠣᠷᠵᠢᠪᠠᠯ ᠢ᠋ᠶ᠋ᠠᠷ ᠡᠰᠡᠨᠲᠡᠮᠤᠷ ᠤ᠋ᠨ ᠲᠤᠰᠢᠶᠠᠯ ᠳ᠋ᠤ᠌ ᠪᠠᠨ ᠣᠰᠣᠯᠳᠠᠨ ᠴᠡᠷᠢᠭ ᠮᠣᠷᠢ ᠶ᠋ᠢ ᠰᠦᠢᠳᠬᠡᠵᠦ ᠤᠯᠤᠰ ᠤ᠋ᠨ ᠨᠡᠷ᠎ᠡ ᠬᠦᠨᠳᠦ ᠶ᠋ᠢ ᠭᠤᠲᠤᠭᠠᠭᠰᠠᠨ ᠶᠠᠯ᠎ᠠ ᠶ᠋ᠢ ᠢᠯᠡᠴᠢᠯᠡᠨ ᠵᠠᠭᠠᠯᠳᠤᠪᠠ ᠃ ᠲᠣᠭᠲᠤᠬ᠋᠎ᠠ ᠬᠠᠷᠢᠨ ᠬᠠᠭᠠᠨ ᠤ᠋ ᠡᠮᠦᠨ᠎ᠡ ᠥᠪᠡᠷ ᠦ᠋ᠨ ᠳᠡᠭᠦᠦ ᠪᠡᠨ ᠥᠮᠥᠭᠯᠡᠨ ᠬᠡᠯᠡᠵᠦ ᠡᠰᠡᠨᠲᠡᠮᠤᠷ ᠯᠣᠭᠡ ᠶᠠᠯ᠎ᠠ ᠬᠡᠯᠡᠯᠴᠡᠭᠰᠡᠨ ᠦᠭᠡᠢ ᠂ ᠭᠡᠳᠡᠷᠭᠦ ᠪᠡᠨ ᠲᠣᠷᠵᠢᠪᠠᠯ ᠊ᠢ ᠬᠤ᠌ ᠭᠤᠸᠠᠩ ᠬᠤᠪᠢᠶᠠᠷᠢ ᠮᠣᠵᠢ ᠶ᠋ᠢᠨ ᠫᠢᠩ ᠵᠠᠩ ᠲᠦᠰᠢᠮᠡᠯ ᠪᠣᠯᠭᠠᠨ ᠪᠠᠭᠤᠷᠠᠭᠤᠯᠪᠠ ᠃
ᠲᠣᠷᠵᠢᠪᠠᠯ ᠤ᠋ᠨ ᠲᠤᠰᠢᠶᠠᠯ ᠊ᠢ ᠪᠠᠭᠤᠷᠠᠭᠤᠯᠤᠭᠰᠠᠨ ᠤ᠋ ᠬᠣᠶ᠋ᠢᠨ᠎ᠠ ᠿᠦ᠍ ᠵᠦᠩ ᠪᠠᠢ ᠪᠠᠷ ᠲᠣᠭᠲᠤᠬ᠋᠎ᠠ ᠳ᠋ᠤᠷ ᠥᠭᠦᠯᠡᠷᠦᠨ ᠄ 《 ᠲᠣᠷᠵᠢᠪᠠᠯ ᠊ᠢ ᠪᠦᠷᠢᠯᠭᠡᠬᠦ ᠦᠭᠡᠢ ᠪᠣᠯᠪᠠᠰᠤ ᠴᠢᠩᠰᠠᠩ ᠳ᠋ᠤᠷ ᠡᠷᠬᠡ ᠦᠭᠡᠢ ᠬᠣᠵᠢᠮ ᠤ᠋ᠨ ᠵᠣᠪᠠᠯᠠᠩ ᠪᠣᠯᠤᠮᠤᠢ 》 ᠬᠡᠮᠡᠪᠡ ᠃
ᠲᠣᠭᠲᠤᠬ᠋᠎ᠠ ᠪᠠᠷ ᠿᠦ᠍ ᠵᠦᠩ ᠪᠠᠢ ᠶ᠋ᠢᠨ ᠦᠭᠡ ᠶ᠋ᠢ ᠢᠲᠡᠭᠡᠵᠦ ᠂ ᠲᠣᠷᠵᠢᠪᠠᠯ ᠊ᠢ ᠬᠤ᠌ ᠭᠤᠸᠠᠩ ᠬᠤᠪᠢᠶᠠᠷᠢ ᠮᠣᠵᠢ ᠶ᠋ᠢᠨ ᠴᠡᠷᠢᠭ ᠦ᠋ᠨ ᠴᠠᠯᠢᠩ ᠬᠦᠨᠡᠰᠦᠨ ᠊ᠢ ᠪᠡᠯᠡᠳᠬᠡᠬᠦ ᠠᠵᠢᠯ ᠊ᠢ ᠲᠤᠰᠬᠠᠶ᠋ᠢᠯᠠᠨ ᠬᠠᠷᠢᠭᠤᠴᠠᠭᠤᠯᠪᠠ ᠃ ᠲᠤᠬᠠᠢ ᠶ᠋ᠢᠨ ᠦᠶ᠎ᠡ ᠳ᠋ᠦ᠍ ᠬᠤ᠌ ᠭᠤᠸᠠᠩ ᠤ᠋ᠨ ᠭᠠᠵᠠᠷ ᠥᠯᠥᠰᠬᠦᠯᠡᠩ ᠭᠠᠴᠢᠭ ᠪᠣᠯᠵᠤ ᠠᠮᠤ ᠬᠦᠨᠡᠰᠦᠨ ᠦ᠌ ᠰᠠᠩ ᠬᠥᠮᠥᠷᠭᠡ ᠬᠣᠭᠣᠰᠣᠷᠠᠵᠤ ᠮᠠᠰᠢ ᠬᠦᠴᠢᠷᠲᠡᠢ ᠪᠠᠶ᠋ᠢᠵᠤᠬᠤᠢ ᠃
ᠲᠠᠭᠠᠷᠢ ᠳᠡᠭᠡᠷ᠎ᠡ ᠨᠢ ᠳᠠᠪᠤᠰᠤ ᠭᠡᠳᠡᠭ ᠢ᠋ᠶ᠋ᠡᠷ ᠬᠤ᠌ ᠭᠤᠸᠠᠩ ᠬᠤᠪᠢᠶᠠᠷᠢ ᠮᠣᠵᠢ ᠶ᠋ᠢᠨ ᠴᠡᠷᠢᠭ ᠦ᠋ᠨ ᠨᠢᠭᠤᠴᠠ ᠶ᠋ᠢᠨ ᠬᠦᠷᠢᠶᠡᠯᠡᠩ ᠦ᠋ᠨ ᠮᠡᠳᠡᠭᠴᠢ ᠪᠠᠶᠠᠨᠪᠤᠬ᠎ᠠ ᠂ ᠦᠴᠠᠩ ᠵᠡᠷᠭᠡ ᠬᠣᠲᠠ ᠶ᠋ᠢ ᠤᠯᠠᠭᠠᠨ ᠠᠯᠴᠢᠭᠤᠷᠲᠠᠨ ᠴᠡᠷᠢᠭ ᠦ᠋ᠨ ᠭᠠᠷ ᠠ᠋ᠴᠠ ᠪᠤᠯᠢᠶᠠᠨ ᠠᠪᠤᠭᠰᠠᠨ ᠤ᠋ ᠬᠣᠶ᠋ᠢᠨ᠎ᠠ ᠲᠣᠷᠵᠢᠪᠠᠯ ᠠ᠋ᠴᠠ ᠨᠡᠩ ᠦᠯᠡᠮᠵᠢ ᠶᠡᠬᠡ ᠴᠠᠯᠢᠩ ᠬᠦᠨᠡᠰᠦᠨ ᠊ᠢ ᠠᠪᠬᠤ ᠪᠠᠷ ᠱᠠᠭᠠᠷᠳᠠᠪᠠ ᠃ ᠲᠣᠷᠵᠢᠪᠠᠯ ᠠᠷᠭ᠎ᠠ ᠪᠦᠬᠦᠨ ᠊ᠢ ᠬᠡᠷᠡᠭᠯᠡᠨ ᠱᠠᠭᠠᠷᠳᠠᠭᠰᠠᠨ ᠬᠢᠷᠢ ᠪᠡᠷ ᠴᠠᠯᠢᠩ ᠬᠦᠨᠡᠰᠦᠨ ᠊ᠢ ᠲᠣᠭ᠎ᠠ ᠶᠣᠰᠣᠭᠠᠷ ᠪᠦᠷᠢᠨ ᠬᠠᠩᠭᠠᠭᠰᠠᠨ ᠪᠣᠯᠪᠠᠴᠤ ᠪᠠᠶᠠᠨᠪᠤᠬ᠎ᠠ ᠬᠠᠷᠢᠨ ᠴᠠᠭ ᠠ᠋ᠴᠠ ᠬᠣᠶ᠋ᠢᠰᠢᠯᠠᠪᠠ ᠬᠡᠮᠡ ᠡᠦ᠋ ᠰᠡᠪ ᠡᠷᠢᠵᠦ ᠪᠠᠶ᠋ᠢᠪᠠ ᠃ ᠲᠥᠷᠥᠯ ᠦ᠋ᠨ ᠨᠣᠶᠠᠨ ᠸᠠᠩ ᠪᠤᠬ᠎ᠠ ᠡᠭᠦᠨ ᠳ᠋ᠦ᠍ ᠰᠢᠳᠤᠷᠭᠤ ᠶᠣᠰᠣ ᠶ᠋ᠢ ᠪᠠᠷᠢᠵᠤ ᠥᠭᠦᠯᠡᠷᠦᠨ ᠄ 《 ᠲᠣᠷᠵᠢᠪᠠᠯ ᠫᠢᠩ ᠵᠠᠩ ᠪᠣᠯᠪᠠᠰᠤ ᠲᠥᠷᠥ ᠶ᠋ᠢᠨ ᠶᠡᠬᠡ ᠰᠠᠶ᠋ᠢᠳ ᠪᠥᠯᠥᠭᠡ ᠃ ᠲᠤᠰᠢᠶᠠᠯ ᠳ᠋ᠤᠷ ᠢᠮᠠᠭᠲᠠ ᠰᠢᠳᠤᠷᠭᠤ ᠂ ᠠᠯᠪᠠᠨ ᠤ᠋ ᠲᠥᠯᠥᠭᠡ ᠠᠷᠢᠭᠤᠨ ᠴᠢᠬᠡᠴᠢ ᠪᠠᠶ᠋ᠢᠲᠠᠯ᠎ᠠ ᠪᠠᠨ ᠶᠠᠭᠠᠬᠢᠬᠤ ᠭᠡᠰᠡᠨ ᠪᠣᠢ ? ᠡᠳᠦᠭᠡ ᠤᠯᠤᠰ ᠲᠤᠷ ᠵᠣᠪᠠᠯᠠᠩ ᠲᠤᠯᠭᠠᠷᠠᠵᠤ ᠠᠯᠢᠪᠠ ᠤᠶ᠋ᠢᠯᠠ ᠣᠷᠣᠭᠰᠢ ᠦᠭᠡᠢ ᠪᠠᠶ᠋ᠢᠪᠠᠴᠤ ᠲᠡᠷᠡ ᠪᠡᠷ ᠴᠤᠴᠠᠯᠲᠠ ᠦᠭᠡᠢ ᠴᠢᠷᠮᠠᠶ᠋ᠢᠨ ᠡᠳᠦᠷᠵᠢᠨ ᠰᠥᠨᠢᠵᠢᠨ ᠶᠠᠭᠠᠷᠠᠵᠤ ᠤᠯᠤᠰ ᠲᠥᠷᠥ ᠶ᠋ᠢᠨ ᠲᠥᠯᠥᠭᠡ ᠰᠢᠳᠤᠷᠭᠤ ᠶ᠋ᠢ ᠭᠦᠢᠴᠡᠳᠬᠡᠭᠡᠳ ᠶᠠᠮᠠᠷ ᠶᠠᠯ᠎ᠠ ᠪᠠᠶ᠋ᠢᠬᠤ ᠪᠣᠢ ? ᠲᠠᠨᠤᠰ ᠡᠯᠳᠡᠪ ᠵᠦᠢᠯ ᠢ᠋ᠶ᠋ᠡᠷ ᠲᠡᠭᠦᠨ ᠊ᠢ ᠵᠣᠪᠠᠭᠠᠵᠤ ᠭᠠᠴᠢᠬᠤ ᠠᠨᠤ ᠶᠠᠭᠤᠨ ? 》 ᠭᠡᠮᠡᠨ ᠠᠭᠤᠷᠯᠠᠨ ᠦᠭᠦᠯᠡᠭᠰᠡᠨᠡ ᠪᠠᠶᠠᠨᠪᠤᠬ᠎ᠠ ᠬᠡᠯᠡᠬᠦ ᠦᠭᠡ ᠦᠭᠡᠢ ᠪᠣᠯᠵᠤᠬᠤᠢ ᠃
ᠲᠣᠭᠲᠤᠬ᠋᠎ᠠ ᠮᠥᠨ ᠰᠡᠳᠬᠢᠯ ᠬᠠᠨᠤᠭᠰᠠᠨ ᠦᠭᠡᠢ ᠢᠤᠶ᠋ᠢᠱᠢ ᠲᠦᠰᠢᠮᠡᠯ ᠥᠯᠵᠡᠢ ᠶ᠋ᠢ ᠲᠣᠮᠢᠯᠠᠨ ᠢᠷᠡᠭᠦᠯᠵᠦ ᠲᠣᠷᠵᠢᠪᠠᠯ ᠊ᠢ ᠬᠣᠣᠷᠯᠠᠬᠤ ᠬᠡᠮᠡᠪᠡ ᠃ ᠥᠯᠵᠡᠢ ᠪᠡᠷ ᠬᠤ᠌ ᠭᠤᠸᠠᠩ ᠳ᠋ᠤᠷ ᠢᠷᠡᠭᠡᠳ ᠲᠣᠷᠵᠢᠪᠠᠯ ᠤ᠋ᠨ ᠲᠥᠪ ᠴᠢᠬᠡᠴᠢ ᠂ ᠲᠥᠷᠥ ᠶ᠋ᠢᠨ ᠲᠥᠯᠥᠭᠡ ᠰᠢᠳᠤᠷᠭᠤ ᠪᠠᠷ ᠵᠢᠳᠬᠦᠬᠦ ᠶ᠋ᠢ ᠮᠡᠳᠡᠭᠡᠳ ᠲᠡᠭᠦᠨ ᠊ᠢ ᠮᠠᠰᠢᠳᠠ ᠬᠦᠨᠳᠦᠳᠬᠡᠨ ᠪᠢᠰᠢᠷᠡᠵᠦ ᠥᠭᠦᠯᠡᠷᠦᠨ ᠄ 《 ᠲᠣᠷᠵᠢᠪᠠᠯ ᠫᠢᠩ ᠵᠠᠩ ᠲᠥᠷᠥ ᠤᠯᠤᠰ ᠤ᠋ᠨ ᠭᠠᠪᠢᠶᠠᠲᠠᠨ ᠰᠠᠶ᠋ᠢᠳ ᠤ᠋ᠨ ᠨᠡᠷ᠎ᠡ ᠨᠢᠳᠡᠷ ᠲᠦ᠍ ᠪᠡᠨ ᠲᠡᠩᠴᠡᠮᠦᠢ ᠃ ᠡᠪᠦᠭᠡ ᠳᠡᠭᠡᠳᠦᠰ ᠦ᠋ᠨ ᠢ᠋ᠶ᠋ᠡᠨ ᠠᠯᠳᠠᠷ ᠬᠦᠨᠳᠦ ᠶ᠋ᠢ ᠦᠯᠦ ᠭᠤᠲᠤᠭᠠᠵᠤᠬᠤᠢ ᠃ ᠤᠯᠤᠰ ᠲᠥᠷᠥ ᠳ᠋ᠦ᠍ᠷ ᠡᠶ᠋ᠢᠮᠦ ᠰᠢᠳᠤᠷᠭᠤ ᠰᠠᠶ᠋ᠢᠳ ᠊ᠢ ᠣᠯᠬᠤᠶ᠎ᠠ ᠦᠨᠡᠬᠡᠷ ᠪᠡᠷᠬᠡ ᠪᠣᠯᠠᠢ ! 》 ᠬᠡᠮᠡᠪᠡ ᠃
ᠲᠣᠷᠵᠢᠪᠠᠯ ᠬᠦᠢᠲᠡᠨ ᠨᠣᠶ᠋ᠢᠲᠠᠨ ᠳ᠋ᠤ᠌ ᠲᠠᠭᠠᠷᠠᠵᠤ ᠪᠡᠭᠡᠷᠡᠭᠡᠳ ᠬᠥᠯ ᠨᠢᠷᠤᠭᠤᠨ ᠤ᠋ ᠬᠤᠶᠠᠩ ᠰᠢᠷ᠎ᠠ ᠡᠪᠡᠳᠴᠢᠨ ᠨᠢ ᠥᠭᠲᠡᠷᠡᠭᠡᠳ ᠵᠣᠯ ᠪᠤᠰᠤ ᠪᠠᠷ ᠠᠵᠢᠯ ᠤ᠋ᠨ ᠪᠠᠶ᠋ᠢᠷᠢᠨᠠ ᠨᠠᠰᠤ ᠨᠥᠭᠴᠢᠪᠡ ᠃ ᠰᠠᠶᠢ ᠳᠥᠴᠢᠨ ᠨᠠᠰᠤᠲᠠᠢ ᠪᠥᠯᠥᠭᠡ ᠃
ᠥᠭᠦᠯᠡᠬᠦ ᠢᠨᠦ ᠂ ᠵᠡᠭᠦᠨ ᠭᠠᠷᠤᠨ ᠴᠢᠩᠰᠠᠩ ᠳᠠᠶ᠋ᠢᠫᠢᠩ ᠢ᠋ᠶ᠋ᠠᠷ ᠲᠣᠭᠲᠤᠬ᠋᠎ᠠ ᠶ᠋ᠢᠨ ᠢᠳᠡᠭᠡᠨ ᠬᠡᠷᠡᠭᠯᠡᠭᠰᠡᠨ ᠬᠥᠮᠦᠰ ᠢᠨᠦ ᠡᠵᠡᠨ ᠬᠠᠭᠠᠨ ᠊ᠢ ᠮᠡᠬᠡᠯᠡᠨ ᠰᠢᠳᠤᠷᠭᠤ ᠰᠠᠶ᠋ᠢᠳ ᠊ᠢ ᠬᠣᠣᠷᠯᠠᠨ ᠬᠥᠨᠥᠭᠡᠬᠦ ᠶ᠋ᠢ ᠦᠵᠡᠭᠡᠳ ᠮᠠᠰᠢ ᠰᠡᠳᠬᠢᠯ ᠵᠣᠪᠠᠪᠠ ᠃ ᠨᠢᠭᠡᠨ ᠡᠳᠦᠷ ᠢᠤᠶ᠋ᠢᠱᠢ ᠳ᠋ᠠᠶ᠋ᠢᠹᠦ᠋ ᠲᠦᠰᠢᠮᠡᠯ ᠬᠠᠨ ᠵᠠᠨ᠎ᠠ ᠶ᠋ᠢ ᠡᠷᠢᠵᠦ ᠵᠥᠪᠳᠡᠪᠡᠰᠦ ᠲᠡᠷᠡ ᠰᠡᠳᠬᠢᠯ ᠬᠥᠪᠡᠭᠡᠯᠡᠨ ᠥᠭᠦᠯᠡᠷᠦᠨ ᠄ 《 ᠡᠳᠦᠭᠡ ᠲᠣᠭᠲᠤᠬ᠋᠎ᠠ ᠶ᠋ᠢᠨ ᠢᠲᠡᠭᠡᠯᠲᠦ ᠨᠥᠬᠥᠷ ᠠᡁᠨᠮᠨ ᠢ᠋ᠶ᠋ᠠᠷ ᠥᠷᠥᠨ᠎ᠡ ᠶ᠋ᠢᠨ ᠯᠠᠮᠠ ᠶ᠋ᠢ ᠣᠷᠳᠣᠨ ᠳ᠋ᠤᠷ ᠵᠠᠯᠠᠵᠤ ᠠᠪᠴᠢᠷᠠᠭᠠᠳ ᠬᠠᠭᠠᠨ ᠳ᠋ᠤᠷ ᠬᠢᠢ ᠸᠴᠢᠷᠲᠦ ᠤᠪᠠᠳᠢᠰ ᠵᠢᠭᠠᠮᠤᠢ ᠃ ᠬᠠᠭᠠᠨ ᠢ᠋ᠶ᠋ᠠᠷ ᠠᡁᠨᠮᠨ ᠤ᠋ ᠦᠭᠡ ᠶ᠋ᠢ ᠨᠢᠭᠡᠮᠦᠰᠦᠨ ᠢᠲᠡᠭᠡᠵᠦ ᠡᠳᠦᠷ ᠰᠥᠨᠢ ᠶ᠋ᠢᠨ ᠬᠣᠭᠣᠷᠣᠨᠳᠣ ᠲᠡᠷᠡ ᠥᠷᠥᠨ᠎ᠡ ᠶ᠋ᠢᠨ ᠯᠠᠮᠠ ᠯᠤᠭ᠎ᠠ ᠬᠠᠮᠲᠤ ᠪᠢᠰᠢᠯᠭᠠᠯ ᠬᠢᠮᠦᠢ ᠃ ᠡᠨᠡ ᠶᠠᠩᠵᠤ ᠪᠠᠷ ᠦᠷᠭᠦᠯᠵᠢᠯᠡᠬᠦ ᠪᠣᠯᠪᠠᠰᠤ ᠤᠯᠤᠰ ᠲᠥᠷᠥ ᠭᠡᠷ ᠪᠦᠷᠢᠯᠬᠦ ᠢᠨᠦ ᠨᠢᠳᠦᠨ ᠡᠮᠦᠨ᠎ᠡ ᠪᠤᠶᠤ 》 ᠬᠡᠮᠡᠵᠦᠬᠦᠢ ᠃
ᠳᠠᠶ᠋ᠢᠫᠢᠩ ᠂ ᠬᠠᠨ ᠵᠠᠨ᠎ᠠ ᠶ᠋ᠢᠨ ᠬᠡᠯᠡᠬᠦ ᠶ᠋ᠢ ᠰᠣᠨᠣᠰᠤᠭᠠᠳ ᠶᠡᠬᠡᠳᠡ ᠬᠢᠷᠳ᠋ᠬᠢᠵᠦ ᠲᠡᠷᠡ ᠳᠠᠷᠤᠢ ᠪᠠᠶ᠋ᠢᠴᠠᠭᠠᠨ ᠦᠵᠡᠭᠴᠢ ᠲᠦᠰᠢᠮᠡᠯ ᠤᠷᠠᠬᠠᠶ᠋ᠢᠲᠦ ᠶ᠋ᠢ ᠳᠠᠭᠤᠳᠠᠨ ᠢᠷᠡᠭᠦᠯᠵᠦ ᠠᡁᠨᠮᠠ ᠶ᠋ᠢᠨ ᠶᠠᠯ᠎ᠠ ᠭᠡᠮ ᠊ᠢ ᠢᠯᠡᠴᠢᠯᠡᠨ ᠵᠠᠭᠠᠯᠳᠤᠭᠰᠠᠨ ᠪᠣᠳᠣᠷᠣᠣᠯ ᠪᠢᠴᠢᠭ ᠲᠤᠭᠤᠷᠪᠢᠭᠤᠯᠤᠨ ᠳᠡᠭᠡᠭᠰᠢ ᠠᠶ᠋ᠢᠯᠡᠤᠠᠬᠠᠪᠠ ᠃
ᠲᠡᠳᠦᠢ ᠳ᠋ᠦ᠍ ᠠᡁᠨᠮᠠ ᠡᠨᠡ ᠴᠢᠮᠡᠭᠡ ᠶ᠋ᠢ ᠣᠯᠤᠭᠠᠳ ᠲᠡᠷᠡ ᠳᠠᠷᠤᠢ ᠳ᠋ᠤᠨᠢ ᠲᠤᠬᠤᠨᠲᠡᠮᠦᠷ ᠬᠠᠭᠠᠨ ᠤ᠋ ᠡᠮᠦᠨ᠎ᠡ ᠰᠥᠭᠥᠳᠴᠦ ᠄ 《 ᠲᠠᠶ᠋ᠢᠫᠢᠩ ᠂ ᠬᠠᠨ ᠵᠠᠨ᠎ᠠ ᠨᠠᠳᠠ ᠶ᠋ᠢ ᠬᠣᠣᠷᠯᠠᠨ ᠠᠯᠠᠬᠤ ᠭᠡᠵᠦ ᠪᠣᠢ ᠃ ᠡᠵᠡᠨ ᠢ᠋ᠶ᠋ᠡᠷ ᠥᠷᠥᠰᠢᠶᠡᠨ ᠠᠪᠤᠷᠠᠮᠤ 》 ᠭᠡᠮᠡᠨ ᠤᠬᠢᠯᠠᠨ ᠮᠥᠷᠭᠥᠪᠡ ᠃
ᠲᠣᠬᠤᠨᠲᠡᠮᠦᠷ ᠬᠠᠭᠠᠨ ᠢ᠋ᠶ᠋ᠠᠷ ᠠᡁᠨᠮᠠ ᠶ᠋ᠢᠨ ᠭᠡᠨᠡᠳᠲᠡ ᠢᠷᠡᠭᠡᠳ ᠤᠬᠢᠯᠠᠨ ᠮᠥᠷᠭᠥᠵᠦ ᠡᠨᠳᠡ ᠲᠡᠨᠳᠡ ᠦᠭᠡᠢ ᠶᠠᠷᠢᠵᠤ ᠠᠮᠢ ᠨᠢ ᠭᠠᠷᠬᠤ ᠭᠡᠵᠦ ᠪᠠᠶ᠋ᠢᠬ᠋᠎ᠠ ᠠᠳᠠᠯᠢ ᠠᠭᠠᠰᠢᠯᠠᠬᠤ ᠶ᠋ᠢ ᠦᠵᠡᠭᠡᠳ ᠤᠬᠠᠭᠠᠨ ᠲᠥᠬᠥᠭᠡ ᠶ᠋ᠢ ᠣᠯᠵᠤ ᠶᠠᠳᠠᠨ ᠰᠢᠳᠠᠷ ᠲᠦᠰᠢᠮᠡᠳ ᠢ᠋ᠶ᠋ᠡᠷ ᠲᠡᠭᠦᠨ ᠊ᠢ ᠡᠷᠭᠦᠨ ᠪᠣᠰᠬᠠᠵᠤ ᠵᠠᠷᠯᠢᠭ ᠪᠣᠯᠤᠷᠤᠨ ᠄ 《 ᠬᠡᠨ ᠮᠢᠨᠦ ᠬᠠᠶ᠋ᠢᠷᠠᠲᠤ ᠲᠦᠰᠢᠮᠡᠯ ᠊ᠢ ᠠᠶᠤᠮᠰᠢᠭ ᠦᠭᠡᠢ ᠬᠣᠣᠷᠯᠠᠨ ᠠᠯᠠᠵᠤ ᠴᠢᠳᠠᠬᠤ ᠪᠣᠢ ? ᠮᠠᠷᠭᠠᠰᠢ ᠲᠠᠶ᠋ᠢᠫᠢᠩ ᠊ᠢ ᠳᠠᠭᠤᠳᠠᠵᠤ ᠬᠡᠯᠡᠰᠦᠭᠡᠢ 》 ᠬᠡᠮᠡᠪᠡ ᠃
ᠲᠠᠶ᠋ᠢᠫᠢᠩ ᠢ᠋ᠶ᠋ᠠᠷ ᠠᡁᠨᠮᠠ ᠶ᠋ᠢᠨ ᠤᠪ ᠮᠡᠬᠡ ᠶ᠋ᠢ ᠰᠡᠷᠡᠵᠦ ᠮᠡᠳᠡᠭᠡᠳ ᠥᠭᠦᠯᠡᠷᠦᠨ ᠄ 《 ᠲᠠᠶ᠋ᠢᠫᠢᠩ ᠪᠠᠶ᠋ᠢᠪᠠᠰᠤ ᠠᡁᠨᠮᠠ ᠦᠭᠡᠢ ᠂ ᠠᡁᠨᠮᠠ ᠪᠠᠶ᠋ᠢᠪᠠᠰᠤ ᠲᠠᠶ᠋ᠢᠫᠢᠩ ᠦᠭᠡᠢ ᠃ ᠪᠢ ᠮᠠᠷᠭᠠᠰᠢ ᠬᠠᠭᠠᠨ ᠳ᠋ᠤᠷ ᠪᠡᠶ᠎ᠡ ᠪᠡᠷ ᠬᠦᠷᠴᠦ ᠠᠶ᠋ᠢᠯᠡᠤᠠᠬᠠᠰᠤᠭᠠᠢ 》 ᠬᠡᠮᠡᠭᠡᠳ ᠳᠠᠷᠠᠭ᠎ᠠ ᠥᠷᠯᠥᠭᠡ ᠶ᠋ᠢᠨ ᠪᠠᠷᠠᠯᠬᠠᠯ ᠳ᠋ᠤ᠌ ᠲᠠᠶ᠋ᠢᠫᠢᠩ ᠢ᠋ᠶ᠋ᠠᠷ ᠠᡁᠨᠮᠠ ᠠᠬ᠎ᠠ ᠳᠡᠭᠦᠦ ᠬᠣᠶᠠᠭᠤᠯᠠ ᠣᠷᠳᠣᠨ ᠤ᠋ ᠳᠦᠷᠢᠮ ᠊ᠢ ᠡᠪᠳᠡᠨ ᠲᠥᠷᠥᠯ ᠦ᠋ᠨ ᠨᠣᠶᠠᠳ ᠠ᠋ᠴᠠ ᠠᠳᠤᠭᠤ ᠲᠡᠮᠡᠭᠡ ᠠᠪᠴᠤ ᠂ ᠬᠠᠭᠠᠨ ᠤ᠋ ᠤᠨᠲᠠᠯᠭ᠎ᠠ ᠶ᠋ᠢᠨ ᠣᠷᠳᠣᠨ ᠤ᠋ ᠠᠷᠤ ᠳ᠋ᠤ᠌ ᠭᠡᠷ ᠮᠠᠶ᠋ᠢᠬᠠᠨ ᠪᠣᠰᠬᠠᠵᠤ ᠡᠵᠡᠨ ᠰᠠᠶ᠋ᠢᠳ ᠤ᠋ᠨ ᠵᠢᠷᠤᠮ ᠊ᠢ ᠡᠪᠳᠡᠭᠰᠡᠨ ᠂ ᠨᠢᠩ ᠬᠤᠢ ᠰᠧ ᠶᠠᠮᠤᠨ ᠊ᠢ ᠪᠠᠶ᠋ᠢᠴᠠᠭᠠᠨ ᠴᠠᠭᠳᠠᠬᠤ ᠨᠡᠷ᠎ᠡ ᠪᠡᠷ ᠲᠣᠭᠣᠰ ᠬᠠᠲᠤᠨ ᠤ᠋ ᠣᠷᠳᠣᠨ ᠳ᠋ᠤ᠌ ᠣᠷᠣᠵᠤ ᠭᠠᠷᠤᠭᠠᠳ ᠳᠡᠭᠡᠳᠦᠰ ᠦ᠋ᠨ ᠲᠣᠭᠲᠠᠭᠠᠯ ᠊ᠢ ᠰᠠᠮᠠᠭᠤᠷᠠᠭᠤᠯᠤᠭᠰᠠᠨ ᠵᠡᠷᠭᠡ ᠶᠠᠯ᠎ᠠ ᠶ᠋ᠢ ᠲᠣᠭᠠᠴᠢᠪᠠ ᠃ ᠨᠢᠩ ᠬᠤᠢ ᠰᠧ ᠶᠠᠮᠤᠨ ᠪᠣᠯᠪᠠᠰᠤ ᠲᠣᠬᠤᠨᠲᠡᠮᠦᠷ ᠬᠠᠭᠠᠨ ᠤ᠋ ᠨᠥᠬᠥᠭᠡ ᠡᠬᠡ ᠲᠣᠭᠣᠰ ᠬᠠᠲᠤᠨ ᠤ᠋ ᠴᠠᠯᠢᠩ ᠬᠦᠨᠡᠰᠦᠨ ᠊ᠢ ᠬᠠᠩᠭᠠᠵᠤ ᠬᠠᠮᠢᠶᠠᠷᠬᠤ ᠭᠠᠵᠠᠷ ᠪᠥᠯᠥᠭᠡ ᠃
ᠲᠣᠬᠤᠨᠲᠡᠮᠦᠷ ᠬᠠᠭᠠᠨ ᠥᠴᠢᠷᠦᠨ ᠄ 《 ᠠᡁᠨᠮᠠ ᠶ᠋ᠢᠨ ᠶᠠᠯ᠎ᠠ ᠡᠲᠦᠶ᠋ᠢᠬᠡᠨ ᠶᠦ᠍ᠮ ᠤᠤ ? 》
ᠲᠠᠶ᠋ᠢᠫᠢᠩ ᠠᠶ᠋ᠢᠯᠠᠤᠠᠬᠠᠷᠤᠨ ᠄ 《 ᠦᠶ᠎ᠡ ᠪᠦᠷᠢ ᠶ᠋ᠢᠨ ᠵᠠᠯᠢᠬᠠᠢ ᠲᠦᠰᠢᠮᠡᠳ ᠥᠩᠭᠡᠨ ᠲᠠᠯ᠎ᠠ ᠳ᠋ᠤ᠌ ᠪᠠᠨ ᠡᠵᠡᠨ ᠬᠠᠭᠠᠨ ᠊ᠢ ᠪᠢᠯᠳᠠᠤᠴᠢᠯᠠᠵᠤ ᠡᠶᠡᠯᠳᠡᠭ ᠵᠥᠭᠡᠯᠡᠨ ᠠᠭᠠᠰᠢᠯᠠᠪᠠᠴᠤ ᠦᠨᠡᠨ ᠳᠡᠭᠡᠷ᠎ᠡ ᠪᠡᠨ ᠳᠡᠭᠡᠷᠡᠬᠢ ᠶ᠋ᠢ ᠮᠡᠬᠡᠯᠡᠨ ᠳᠣᠣᠷᠠᠬᠢ ᠶ᠋ᠢ ᠬᠠᠭᠤᠷᠴᠤ ᠰᠥᠷᠭᠡᠦ ᠠᠵᠢᠯᠯᠠᠭ᠎ᠠ ᠪᠠᠨ ᠭᠤᠶᠤᠴᠢᠯᠠᠬᠤ ᠲᠡᠳᠦᠢ ᠪᠣᠯᠠᠢ ᠃ ᠴᠢ ᠬᠤᠸᠠᠨ ᠬᠦᠩ ᠭᠤᠷᠪᠠᠨ ᠵᠠᠷᠤᠴᠠ ᠪᠠᠨ ᠡᠷᠬᠡᠯᠡᠭᠦᠯᠦᠭᠡᠳ ᠲᠥᠷᠥ ᠪᠡᠨ ᠰᠠᠮᠠᠭᠤᠷᠠᠭᠤᠯᠪᠠᠢ ᠃ ᠰᠥᠩ ᠾᠦᠢᠽᠦᠢ᠍ᠩ ᠬᠠᠭᠠᠨ ᠵᠢᠷᠭᠤᠭᠠᠨ ᠵᠠᠯᠢᠬᠠᠢ ᠶ᠋ᠢ ᠢᠲᠡᠭᠡᠵᠦ ᠵᠣᠪᠠᠯᠠᠩ ᠳ᠋ᠤ᠌ ᠤᠨᠠᠪᠠᠢ ᠃ᠠᡁᠠᠮᠠ ᠠᠬ᠎ᠠ ᠳᠡᠭᠦᠦ ᠬᠡᠮᠡᠭᠴᠢ ᠭᠤᠷᠪᠠᠨ ᠵᠠᠷᠤᠴᠠ ᠵᠢᠷᠭᠤᠭᠠᠨ ᠵᠠᠯᠢᠬᠠᠢ ᠠ᠋ᠴᠠ ᠳᠣᠣᠷ᠎ᠠ ᠪᠤᠰᠤ ᠲᠤᠯᠠ ᠡᠵᠡᠨ ᠢ᠋ᠶ᠋ᠡᠷ ᠪᠢᠲᠡᠭᠡᠢ ᠲᠡᠭᠦᠨ ᠦ᠌ ᠬᠠᠭᠤᠷᠮᠠᠭ ᠳᠦᠷᠢ ᠳ᠋ᠦ᠍ᠷ ᠡᠨᠳᠡᠭᠦᠷᠡᠮᠦ ! 》
ᠲᠣᠬᠤᠨᠲᠡᠮᠦᠷ ᠬᠠᠭᠠᠨ ᠬᠠᠮᠠᠷ ᠢ᠋ᠶ᠋ᠠᠷ ᠢᠨᠢᠶᠡᠨ ᠦᠯᠦ ᠣᠶ᠋ᠢᠰᠢᠶᠠᠬᠤᠢ ᠳ᠋ᠤᠷ ᠬᠠᠨ ᠵᠠᠨ᠎ᠠ ᠵᠡᠷᠭᠡ ᠡᠴᠡ ᠭᠠᠷᠴᠤ ᠰᠥᠭᠥᠳᠦᠨ ᠠᠶ᠋ᠢᠯᠠᠤᠠᠬᠠᠷᠤᠨ ᠄ 《 ᠲᠠᠶ᠋ᠢᠫᠢᠩ ᠴᠢᠩᠰᠠᠩ ᠤ᠋ᠨ ᠠᠶ᠋ᠢᠯᠠᠤᠠᠬᠠᠯ ᠠᠨᠤ ᠤᠯᠤᠰ ᠲᠥᠷᠥ ᠶ᠋ᠢᠨ ᠮᠠᠨᠳᠤᠯ ᠮᠥᠬᠥᠯ ᠲᠡᠢ ᠬᠣᠯᠪᠣᠭᠳᠠᠭᠰᠠᠨ ᠶᠡᠬᠡ ᠤᠴᠢᠷ ᠲᠤᠯᠠ ᠡᠵᠡᠨ ᠢ᠋ᠶ᠋ᠡᠷ ᠭᠡᠭᠡᠨ ᠳ᠋ᠦ᠍ ᠪᠡᠨ ᠲᠣᠯᠢᠳᠠᠬᠤ ᠪᠣᠯᠪᠠᠤ 》ᠬᠡᠮᠡᠭᠰᠡᠨ᠎ᠡ ᠂ ᠲᠣᠬᠤᠨᠲᠡᠮᠦᠷ ᠬᠠᠭᠠᠨ ᠵᠠᠷᠯᠢᠭ ᠪᠣᠯᠤᠷᠤᠨ ᠄ 《 ᠡᠷᠬᠢᠮ ᠲᠦᠰᠢᠮᠡᠳ ᠦ᠋ᠨ ᠬᠡᠬᠦᠳᠡᠭ ᠴᠡᠭᠡᠵᠢ ᠶᠠᠭᠠᠬᠢᠭᠰᠠᠨ ᠴᠢᠬᠤᠯ ᠠᠵᠢ ᠂ᠠᠾᠠᠮᠠ ᠠᠬ᠎ᠠ ᠳᠡᠭᠦᠦ ᠬᠣᠶᠠᠷ ᠊ᠢ ᠪᠠᠭᠲᠠᠭᠠᠵᠤ ᠳᠡᠶ᠋ᠢᠯᠬᠦ ᠦᠭᠡᠢ ᠳ᠋ᠦ᠍ᠷ ᠬᠦᠷᠴᠦᠬᠦᠢ ᠃ 》
ᠬᠠᠨ ᠵᠠᠨ᠎ᠠ ᠮᠥᠷᠭᠥᠵᠦ ᠠᠶ᠋ᠢᠯᠠᠤᠠᠬᠠᠷᠤᠨ ᠄ 《 ᠰᠠᠶ᠋ᠢᠳ ᠪᠢ ᠬᠤᠪᠢ ᠪᠡᠶ᠎ᠡ ᠶ᠋ᠢᠨ ᠤᠴᠢᠷ ᠲᠤ᠌ ᠪᠤᠰᠤ ᠂ ᠤᠯᠤᠰ ᠲᠥᠷᠥ ᠶ᠋ᠢᠨ ᠮᠠᠨᠳᠤᠯ ᠮᠥᠬᠥᠯ ᠦ᠋ᠨ ᠲᠥᠯᠥᠭᠡ ᠪᠣᠯᠠᠢ ᠃ᠠᠾᠠᠮᠠ ᠠᠬ᠎ᠠ ᠳᠡᠭᠦᠦ ᠬᠣᠶᠠᠷ ᠳᠡᠭᠡᠭᠰᠢᠳᠡ ᠡᠵᠡᠨ ᠊ᠢ ᠮᠡᠬᠡᠯᠡᠨ ᠳᠣᠷᠣᠭᠰᠢᠳᠠ ᠢᠷᠭᠡᠨ ᠊ᠢ ᠬᠠᠭᠤᠷᠬᠤ ᠶ᠋ᠢ ᠢᠯᠡᠴᠢᠯᠡᠨ ᠪᠤᠷᠤᠭᠤᠰᠢᠶᠠᠬᠤ ᠦᠭᠡᠢ ᠪᠣᠯᠪᠠᠰᠤ ᠡᠷᠬᠡ ᠦᠭᠡᠢ ᠰᠠᠮᠠᠭᠤᠷᠠᠯ ᠪᠣᠯᠤᠮᠤᠢ ᠃ 》
ᠲᠠᠶ᠋ᠢᠫᠢᠩ ᠪᠠᠰᠠ ᠠᠶ᠋ᠢᠯᠠᠤᠠᠬᠠᠷᠤᠨ ᠄ 《 ᠡᠵᠡᠨ ᠢ᠋ᠶ᠋ᠡᠷ ᠠᠾᠠᠮᠠ ᠠᠬ᠎ᠠ ᠳᠡᠭᠦᠦ ᠬᠣᠶᠠᠭᠤᠯᠠ ᠶ᠋ᠢ ᠦᠷᠭᠦᠯᠵᠢᠯᠡᠨ ᠢᠲᠡᠭᠡᠵᠦ ᠬᠡᠷᠡᠭᠯᠡᠬᠦ ᠪᠣᠯᠪᠠᠰᠤ ᠰᠠᠶ᠋ᠢᠳ ᠪᠢ ᠲᠤᠰᠢᠶᠠᠯ ᠠ᠋ᠴᠠ ᠪᠠᠨ ᠣᠭᠴᠣᠷᠠᠵᠤ ᠭᠡᠷ ᠨᠤᠲᠤᠭ ᠲᠤ᠌ ᠪᠠᠨ ᠪᠤᠴᠠᠮᠤᠢ 》ᠬᠡᠮᠡᠭᠰᠡᠨ᠎ᠡ ᠲᠣᠬᠤᠨᠲᠡᠮᠦᠷ ᠬᠠᠭᠠᠨ ᠥᠴᠢᠷᠦᠨ ᠄ 《 ᠲᠠᠨ ᠤ᠋ ᠰᠠᠨᠠᠭᠠᠨ ᠊ᠢ ᠪᠢ ᠣᠶ᠋ᠢᠯᠠᠭᠠᠯᠠ ᠂ ᠣᠳᠣ ᠢᠯᠡᠭᠦᠦ ᠥᠭᠦᠯᠡᠬᠦ ᠬᠡᠷᠡᠭ ᠦᠭᠡᠢ 》 ᠬᠡᠮᠡᠭᠡᠳ ᠰᠠᠭᠤᠳᠠᠯ ᠠ᠋ᠴᠠ ᠪᠣᠰᠴᠤ ᠬᠠᠨᠴᠤᠢ ᠶ᠋ᠢ ᠰᠠᠵᠢᠨ ᠣᠷᠳᠣᠨ ᠳ᠋ᠤ᠌ ᠪᠠᠨ ᠡᠭᠡᠪᠡ ᠃
ᠠᡁᠠᠮᠠ ᠠᠬ᠎ᠠ ᠳᠡᠭᠦᠦ ᠬᠣᠶᠠᠭᠤᠯᠠ ᠡᠷᠲᠡ ᠶ᠋ᠢᠨ ᠪᠠᠷᠠᠯᠠᠭᠯ ᠤ᠋ᠨ ᠪᠠᠶ᠋ᠢᠲᠠᠯ ᠊ᠢ ᠰᠣᠨᠣᠰᠤᠭᠠᠳ ᠲᠣᠬᠤᠨᠲᠡᠮᠦᠷ ᠬᠠᠭᠠᠨ ᠊ᠢ ᠡᠷᠢᠵᠦ ᠢᠷᠡᠭᠡᠳ ᠤᠬᠢᠯᠠᠨ ᠥᠭᠦᠯᠡᠷᠦᠨ ᠄ 《 ᠲᠠᠶ᠋ᠢᠫᠢᠩ ᠂ ᠬᠠᠨ ᠵᠠᠨ᠎ᠠ ᠲᠠᠨ ᠠᡁᠠᠮᠠ ᠠᠬ᠎ᠠ ᠳᠡᠭᠦᠦ ᠪᠢᠳᠡ ᠬᠣᠶᠠᠭᠤᠯᠠ ᠶ᠋ᠢ ᠪᠠᠭᠲᠠᠭᠠᠬᠤ ᠦᠭᠡᠢ ᠪᠣᠯᠤᠭᠰᠠᠨ ᠲᠤᠯᠠ ᠡᠵᠡᠨ ᠢ᠋ᠶ᠋ᠡᠷ ᠲᠡᠳᠡᠨ ᠦ᠌ ᠰᠠᠨᠠᠭ᠎ᠠ ᠪᠠᠷ ᠪᠣᠯᠭᠠᠲᠤᠭᠠᠢ 》 ᠭᠡᠮᠡᠨ ᠬᠥᠰᠡᠷ ᠬᠡᠪᠲᠡᠵᠦ ᠪᠣᠰᠬᠤ ᠦᠭᠡᠢ ᠪᠠᠶ᠋ᠢᠪᠠ ᠃
ᠲᠣᠬᠤᠨᠲᠡᠮᠦᠷ ᠬᠠᠭᠠᠨ ᠢ᠋ᠶ᠋ᠠᠷ ᠠᡁᠠᠮᠠ ᠶ᠋ᠢᠨ ᠡᠨᠡ ᠬᠦ ᠯᠤᠶ᠋ᠢᠪᠠᠷᠴᠢᠯᠠᠨ ᠠᠭᠠᠰᠢᠯᠠᠬᠤ ᠶ᠋ᠢ ᠦᠵᠡᠭᠡᠳ ᠶᠡᠬᠡᠳᠡ ᠠᠭᠤᠷᠯᠠᠵᠤ ᠲᠡᠭᠦᠨ ᠊ᠢ ᠣᠷᠳᠣᠨ ᠠ᠋ᠴᠠ ᠬᠥᠭᠡᠭᠡᠵᠦ ᠭᠠᠷᠭᠠᠭᠠᠳ ᠰᠢᠳᠠᠷ ᠲᠦᠰᠢᠮᠡᠯ ᠊ᠢ ᠵᠠᠷᠯᠠᠵᠤ ᠠᡁᠠᠮᠠ ᠠᠬ᠎ᠠ ᠳᠡᠭᠦᠦ ᠬᠣᠶᠠᠷ ᠤ᠋ᠨ ᠲᠤᠰᠢᠶᠠᠯ ᠊ᠢ ᠡᠪᠳᠡᠭᠡᠳ ᠬᠥᠳᠡᠭᠡ ᠶᠠᠪᠤᠭᠤᠯᠬᠤ ; ᠵᠡᠭᠦᠨ ᠭᠠᠷᠤᠨ ᠴᠢᠩᠰᠠᠩ ᠲᠠᠶ᠋ᠢᠫᠢᠩ ᠤ᠋ᠨ ᠲᠤᠰᠢᠶᠠᠯ ᠊ᠢ ᠪᠠᠭᠤᠷᠠᠭᠤᠯᠵᠤ ᠪᠢᠴᠢᠭ ᠦ᠋ᠨ ᠤᠳᠬᠠᠴᠢ ᠶ᠋ᠢᠨ ᠬᠦᠷᠢᠶᠡᠯᠡᠩ ᠦ᠋ᠨ ᠳᠡᠳ᠋ ᠲᠦᠰᠢᠮᠡᠯ ᠪᠣᠯᠭᠠᠬᠤ ; ᠢᠦᠢᠢ᠍ᠱᠢ ᠳ᠋ᠠᠶ᠋ᠢᠹᠦ᠋ ᠲᠦᠰᠢᠮᠡᠯ ᠬᠠᠨ ᠵᠠᠨ᠎ᠠ ᠶ᠋ᠢ ᠵᠢᠶᠠᠩ ᠵᠧ ᠬᠤᠪᠢᠶᠠᠷᠢ ᠮᠣᠵᠢ ᠶ᠋ᠢᠨ ᠫᠢᠩ ᠵᠠᠩ ᠵᠸᠩᠱᠢ ᠲᠦᠰᠢᠮᠡᠯ ᠢ᠋ᠶ᠋ᠡᠷ ᠶᠠᠪᠤᠭᠤᠯᠬᠤ ᠵᠣᠣ ᠪᠢᠴᠢᠭ ᠲᠤᠭᠤᠷᠪᠢᠭᠤᠯᠵᠤ ᠨᠡᠶ᠋ᠢᠲᠡᠯᠡᠪᠡ ᠃
ᠠᡁᠠᠮᠠ ᠲᠤᠰᠢᠶᠠᠯ ᠢ᠋ᠶ᠋ᠠᠨ ᠡᠪᠳᠡᠭᠳᠡᠭᠡᠳ ᠬᠥᠳᠡᠭᠡ ᠶᠠᠪᠤᠬᠤ ᠠ᠋ᠴᠠ ᠪᠠᠨ ᠡᠮᠦᠨ᠎ᠡ ᠳᠣᠭᠲᠤᠬ᠋᠎ᠠ ᠴᠢᠩᠰᠠᠩ ᠊ᠢ ᠡᠷᠢᠵᠦ ᠣᠴᠢᠭᠠᠳ ᠲᠠᠶ᠋ᠢᠫᠢᠩ ᠲᠡᠭᠦᠨ ᠊ᠢ ᠬᠣᠣᠷᠯᠠᠭᠰᠠᠨ ᠭᠡᠮᠡᠨ ᠭᠣᠮᠣᠳᠠᠯ ᠢ᠋ᠶ᠋ᠠᠨ ᠲᠣᠭᠠᠴᠢᠬᠤᠢ ᠳ᠋ᠤᠷ ᠳᠣᠭᠲᠤᠬ᠋᠎ᠠ ᠥᠭᠦᠯᠡᠷᠦᠨ ᠄ 《 ᠴᠢ ᠲᠦᠷ ᠶᠠᠪᠤᠲᠤᠭᠠᠢ ᠂ ᠪᠢ ᠲᠥᠷᠥ ᠳ᠋ᠦ᠍ ᠪᠠᠶ᠋ᠢᠬᠤᠢ ᠲᠤᠯᠠ ᠴᠢᠮ᠎ᠠ ᠶ᠋ᠢ ᠨᠠᠰᠤᠨ ᠲᠤᠷᠰᠢᠲᠠ ᠬᠥᠳᠡᠭᠡ ᠰᠠᠭᠤᠯᠭᠠᠬᠤ ᠦᠭᠡᠢ ᠃ ᠠᠯᠢ ᠨᠢᠭᠡᠨ ᠡᠳᠦᠷ ᠵᠠᠪᠰᠢᠶᠠᠨ ᠳᠠᠭᠠᠷᠠᠪᠠᠰᠤ ᠳᠠᠬᠢᠵᠤ ᠴᠢᠮ᠎ᠠ ᠶ᠋ᠢ ᠡᠷᠭᠦᠨ ᠬᠡᠷᠡᠭᠯᠡᠶ᠎ᠡ ᠂ ᠪᠢᠲᠡᠭᠡᠢ ᠰᠠᠨᠠᠭ᠎ᠠ ᠵᠣᠪᠠ ! 》 ᠬᠡᠮᠡᠪᠡ ᠃
ᠳᠣᠭᠲᠤᠬ᠋᠎ᠠ ᠶ᠋ᠢᠨ ᠰᠡᠳᠬᠢᠯ ᠦ᠋ᠨ ᠨᠥᠬᠥᠷ ᠿᠦ᠍ ᠵᠦᠩ ᠪᠠᠢ ᠤᠭ ᠠ᠋ᠴᠠ ᠲᠠᠶ᠋ᠢᠫᠢᠩ ᠯᠤᠭ᠎ᠠ ᠡᠪ ᠨᠡᠶ᠋ᠢᠯᠡᠬᠦ ᠦᠭᠡᠢ ᠪᠠᠶ᠋ᠢᠪᠠ ᠃ ᠲᠡᠷᠡ ᠪᠡᠷ ᠨᠢᠭᠡᠨ ᠡᠳᠦᠷ ᠳᠣᠭᠲᠤᠬ᠋᠎ᠠ ᠴᠢᠩᠰᠠᠩ ᠊ᠢ ᠡᠷᠢᠵᠦ ᠢᠷᠡᠭᠡᠳ ᠲᠠᠶ᠋ᠢᠫᠢᠩ ᠊ᠢ ᠮᠠᠭᠤᠳᠬᠠᠨ ᠥᠭᠦᠯᠡᠬᠦ ᠶ᠋ᠢᠨ ᠬᠠᠮᠲᠤ ᠬᠥᠪᠡᠭᠦᠨ ᠢᠨᠤ ᠲᠥᠷᠥᠯ ᠦ᠋ᠨ ᠨᠣᠶᠠᠨ ᠤ᠋ ᠥᠬᠢᠨ ᠯᠤᠭᠡ ᠬᠤᠷᠢᠮᠯᠠᠵᠤ ᠵᠠᠰᠠᠭ ᠲᠥᠷᠥ ᠶ᠋ᠢᠨ ᠴᠢᠬᠤᠯᠠ ᠲᠤᠰᠢᠶᠠᠯ ᠳ᠋ᠤ᠌ ᠭᠣᠷᠢᠯᠠᠵᠤ ᠠᠮᠤᠢ ᠬᠡᠮᠡᠭᠰᠡᠨ ᠳ᠋ᠦ᠍ᠷ ᠳᠣᠭᠲᠤᠬ᠋᠎ᠠ ᠴᠢᠩᠰᠠᠩ ᠦᠨᠡᠨ ᠬᠤᠳᠠᠯ ᠊ᠢ ᠦᠯᠦ ᠢᠯᠭᠠᠨ ᠣᠷᠳᠣᠨ ᠳ᠋ᠤ᠌ ᠪᠠᠨ ᠢᠷᠡᠭᠡᠳ ᠲᠠᠶ᠋ᠢᠫᠢᠩ ᠤ᠋ᠨ ᠵᠡᠷᠭᠡ ᠬᠡᠷᠬᠡᠮ ᠊ᠢ ᠡᠪᠳᠡᠵᠦ ᠠᠯᠤᠰ ᠭᠠᠵᠠᠷ ᠴᠥᠯᠡᠬᠦ ᠪᠡᠷ ᠳᠡᠭᠡᠭᠰᠢ ᠠᠶ᠋ᠢᠯᠠᠤᠠᠬᠠᠬᠤ ᠪᠢᠴᠢᠭ ᠲᠤᠭᠤᠷᠪᠢᠭᠤᠯᠪᠠ ᠃ ᠳᠣᠭᠲᠤᠬ᠋᠎ᠠ ᠶ᠋ᠢᠨ ᠡᠬᠡ ᠰᠦ᠍ ᠭᠦᠸᠧ ᠹᠦ ᠷᠸᠨ ᠦᠵᠡᠭᠡᠳ ᠬᠣᠷᠢᠭᠯᠠᠨ ᠥᠭᠦᠯᠡᠷᠦᠨ ᠄ 《 ᠲᠠᠶ᠋ᠢᠫᠢᠩ ᠪᠣᠯᠪᠠᠰᠤ ᠰᠤᠷᠪᠤᠯᠵᠢᠲᠤ ᠤᠭᠰᠠᠭᠠᠨ ᠤ᠋ ᠦᠷᠡᠰ ᠂ ᠮᠠᠰᠢ ᠮᠡᠷᠭᠡᠨ ᠲᠦᠰᠢᠮᠡᠯ ᠪᠥᠯᠥᠭᠡ ᠃ ᠵᠡᠭᠦᠨ ᠭᠠᠷᠤᠨ ᠴᠢᠩᠰᠠᠩ ᠪᠣᠯᠤᠭᠰᠠᠨ ᠠ᠋ᠴᠠ ᠢᠨᠠᠭᠰᠢ ᠠᠷᠢᠭᠤᠨ ᠴᠢᠬᠡᠴᠢ ᠪᠡᠷ ᠤᠯᠤᠰ ᠲᠥᠷᠥ ᠳ᠋ᠦ᠍ᠷ ᠵᠢᠳᠬᠦᠵᠦ ᠳᠡᠭᠡᠷ᠎ᠡ ᠳᠣᠣᠷᠠᠬᠢᠨ ᠤ᠋ ᠬᠦᠷᠢᠶᠡᠯᠡᠯ ᠊ᠢ ᠣᠯᠪᠠᠢ ᠃ ᠲᠡᠭᠦᠨ ᠦ᠌ ᠵᠡᠷᠭᠡ ᠬᠡᠷᠬᠡᠮ ᠊ᠢ ᠡᠪᠳᠡᠵᠦ ᠠᠯᠤᠰ ᠭᠠᠵᠠᠷ ᠴᠦᠯᠡᠪᠡᠰᠦ ᠪᠦᠭᠦᠳᠡᠭᠡᠷ ᠴᠢᠮ᠎ᠠ ᠶ᠋ᠢ ᠶᠠᠭᠠᠬᠢᠨ ᠦᠵᠡᠮᠦᠢ ! 》 ᠬᠡᠮᠡᠪᠡ ᠃
ᠳᠣᠭᠲᠤᠬ᠋᠎ᠠ ᠥᠴᠢᠷᠦᠨ ᠄ 《 ᠡᠨᠡ ᠪᠣᠯᠪᠠᠰᠤ ᠵᠡᠭᠦᠨ ᠭᠠᠷᠤᠨ ᠢᠯᠭᠠᠭᠴᠢ ᠲᠦᠰᠢᠮᠡᠯ ᠿᠦ᠍ ᠵᠦᠩ ᠪᠠᠢ ᠶ᠋ᠢᠨ ᠰᠠᠨᠠᠯ ᠪᠣᠯᠠᠢ ᠃ ᠪᠣᠳᠣᠪᠠᠰᠤ ᠲᠡᠷᠡ ᠯᠠᠪᠲᠠᠢ ᠨᠠᠷᠢᠨ ᠪᠠᠶ᠋ᠢᠴᠠᠭᠠᠨ ᠢᠯᠭᠠᠭᠰᠠᠨ ᠪᠠᠶ᠋ᠢᠮᠤᠢ ᠃ 》
ᠰᠦ᠍ ᠭᠦᠸᠧ ᠹᠦ ᠷᠸᠨ ᠥᠴᠢᠷᠦᠨ ᠄ 《 ᠴᠢ ᠶᠠᠭᠤᠨ ᠳ᠋ᠤ᠌ ᠪᠤᠰᠤᠳ ᠤ᠋ᠨ ᠰᠠᠨᠠᠭ᠎ᠠ ᠪᠠᠷ ᠢᠩᠭᠢᠵᠦ ᠦᠢᠯᠡᠳᠦᠮᠦᠢ ? ᠡᠨᠡ ᠬᠡᠷᠡᠭ ᠦᠨᠡᠨ ᠬᠤᠳᠠᠯ ᠶᠠᠮᠠᠷ ᠪᠠᠶ᠋ᠢᠬᠰᠠᠨ ᠴᠤ᠌ ᠬᠠᠮᠢᠭ᠎ᠠ ᠦᠭᠡᠢ ᠂ ᠲᠠᠶ᠋ᠢᠫᠢᠩ ᠮᠡᠷᠭᠡᠨ ᠰᠠᠶ᠋ᠢᠳ ᠪᠣᠯᠬᠤ ᠶ᠋ᠢ ᠪᠢ ᠢᠲᠡᠭᠡᠨ᠎ᠡ ᠂ ᠥᠭᠡᠷ᠎ᠡ ᠬᠡᠨ ᠬᠥᠮᠦᠨ ᠶᠠᠮᠠᠷ ᠪᠠᠶ᠋ᠢᠬᠰᠠᠨ ᠴᠤ᠌ ᠴᠢ ᠭᠠᠷ ᠲᠥᠷᠥᠵᠦ ᠪᠣᠯᠬᠤ ᠦᠭᠡᠢ ᠃ ᠲᠠᠶ᠋ᠢᠫᠢᠩ ᠴᠢᠮ᠎ᠠ ᠯᠤᠭ᠎ᠠ ᠥᠰᠢᠶ᠎ᠡ ᠠᠲᠠᠭ᠎ᠠ ᠦᠭᠡᠢ ᠪᠠᠶ᠋ᠢᠲᠠᠯ᠎ᠠ ᠶᠠᠭᠤᠨ ᠳ᠋ᠤ᠌ ᠢᠩᠭᠢᠬᠦ ᠪᠣᠢ ? 》 ᠬᠡᠮᠡᠭᠡᠳ ᠲᠤᠰ ᠬᠡᠷᠡᠭ ᠊ᠢ ᠬᠣᠷᠢᠭᠯᠠᠨ ᠵᠣᠭᠰᠣᠭᠠᠪᠠ ᠃
ᠲᠡᠨᠳᠡᠴᠡ ᠲᠠᠶ᠋ᠢᠫᠢᠩ ᠢ᠋ᠶ᠋ᠠᠷ ᠠᡁᠠᠮᠠ ᠠᠬ᠎ᠠ ᠳᠡᠭᠦᠦ ᠬᠣᠶᠠᠭᠤᠯᠠ ᠶ᠋ᠢ ᠢᠯᠡᠴᠢᠯᠡᠨ ᠵᠠᠭᠠᠯᠳᠤᠭᠠᠳ ᠲᠤᠰᠢᠶᠠᠯ ᠢ᠋ᠶ᠋ᠠᠨ ᠬᠤᠰᠤᠭᠤᠯᠵᠤ ᠂ ᠪᠢᠴᠢᠭ ᠦ᠋ᠨ ᠤᠳᠬᠠᠴᠢ ᠶ᠋ᠢᠨ ᠬᠦᠷᠢᠶᠡᠯᠡᠩ ᠳ᠋ᠦ᠍ ᠢᠷᠡᠭᠡᠳ ᠬᠡᠳᠦᠨ ᠡᠳᠦᠷ ᠪᠣᠯᠤᠭᠰᠠᠨ ᠦᠭᠡᠢ ᠂ ᠲᠡᠭᠦᠨ ᠊ᠢ ᠬᠥᠳᠡᠭᠡ ᠨᠤᠲᠤᠭ ᠲᠤ᠌ ᠨᠢ ᠬᠥᠭᠡᠭᠡᠵᠦ ᠶᠠᠪᠤᠭᠤᠯᠬᠤ ᠬᠠᠭᠠᠨ ᠤ᠋ ᠵᠠᠷᠯᠢᠭ ᠊ᠢ ᠬᠦᠷᠭᠡᠵᠦ ᠢᠷᠡᠪᠡ ᠃
ᠲᠠᠶ᠋ᠢᠫᠢᠩ ᠢ᠋ᠶ᠋ᠠᠷ ᠵᠠᠷᠯᠢᠭ ᠊ᠢ ᠳᠤᠰᠤᠮᠠᠭᠴᠠ ᠤᠴᠢᠷ ᠰᠢᠯᠲᠠᠭᠠᠨ ᠊ᠢ ᠴᠦ᠍ ᠦᠯᠦ ᠠᠰᠠᠭᠤᠨ ᠭᠡᠷ ᠣᠷᠣᠨ ᠳ᠋ᠤ᠌ ᠪᠠᠨ ᠪᠤᠴᠠᠵᠤ ᠬᠠᠷᠢᠭᠠᠳ ᠪᠠᠭ᠎ᠠ ᠰᠠᠭ᠎ᠠ ᠶᠠᠭᠤᠮ᠎ᠠ ᠪᠠᠨ ᠪᠠᠭᠴᠠᠯᠠᠵᠤ ᠬᠥᠳᠡᠭᠡ ᠨᠤᠲᠤᠭ ᠢ᠋ᠶ᠋ᠠᠨ ᠴᠢᠭᠯᠡᠨ ᠣᠳᠪᠠᠢ ᠃ ᠳᠣᠭᠲᠤᠬ᠋᠎ᠠ ᠶ᠋ᠢᠨ ᠲᠠᠶ᠋ᠢᠫᠢᠩ ᠤ᠋ᠨ ᠵᠡᠷᠭᠡ ᠬᠡᠷᠬᠡᠮ ᠊ᠢ ᠡᠪᠳᠡᠵᠦ ᠠᠯᠤᠰ ᠭᠠᠵᠠᠷ ᠴᠥᠯᠡᠬᠦ ᠪᠡᠷ ᠳᠡᠭᠡᠭᠰᠢ ᠠᠶ᠋ᠢᠯᠠᠳᠬᠠᠬᠤ ᠪᠢᠴᠢᠭ ᠊ᠢ ᠡᠬᠡ ᠨᠢ ᠲᠠᠰᠤ ᠬᠣᠷᠢᠭᠯᠠᠭᠰᠠᠨ ᠪᠢᠰᠢᠦ ? ᠣᠳᠣ ᠭᠡᠨᠡᠳᠲᠡ ᠪᠠᠰᠠ ᠶᠠᠭᠠᠬᠢᠭᠠᠳ ᠲᠡᠭᠦᠨ ᠊ᠢ ᠬᠥᠳᠡᠭᠡ ᠬᠥᠭᠡᠭᠡᠬᠦ ᠪᠣᠯᠪᠠ ?
ᠦᠵᠡᠰᠡ ᠂ ᠡᠨᠡ ᠬᠡᠷᠡᠭ ᠪᠣᠯᠪᠠᠰᠤ ᠲᠣᠬᠤᠨᠲᠡᠮᠦᠷ ᠦ᠋ᠨ ᠡᠴᠢᠭᠡ ᠬᠤᠲᠤᠭᠲᠤ ᠬᠠᠭᠠᠨ ᠤ᠋ ᠰᠤᠯᠠ ᠬᠠᠲᠤᠨ ᠲᠣᠭᠣᠰ ᠠ᠋ᠴᠠ ᠪᠣᠯᠤᠭᠰᠠᠨ ᠠᠵᠤᠭᠤ ᠃ ᠲᠣᠬᠤᠨᠲᠡᠮᠦᠷ ᠬᠠᠭᠠᠨ ᠰᠠᠭᠤᠷᠢᠨ ᠳ᠋ᠤ᠌ ᠰᠠᠭᠤᠭᠰᠠᠨ ᠤ᠋ ᠬᠣᠶ᠋ᠢᠨ᠎ᠠ ᠲᠣᠭᠣᠰ ᠊ᠢ ᠬᠤᠸᠠᠩ ᠲᠠᠶ᠋ᠢᠬᠡᠦ ᠡᠷᠭᠦᠮᠵᠢᠯᠡᠪᠡ ᠃ ᠲᠠᠶ᠋ᠢᠫᠢᠩ ᠢ᠋ᠶ᠋ᠠᠷ ᠠᠾᠠᠮᠠ ᠶ᠋ᠢ ᠢᠯᠡᠴᠢᠯᠡᠨ ᠵᠠᠭᠠᠯᠳᠤᠭᠰᠠᠨ ᠪᠣᠳᠣᠷᠣᠣᠯ ᠪᠢᠴᠢᠭ ᠲᠦ᠍ 《 ᠨᠢᠩ ᠬᠤᠢ ᠰᠧ ᠶᠠᠮᠤᠨ ᠊ᠢ ᠪᠠᠶ᠋ᠢᠴᠠᠭᠠᠨ ᠴᠠᠭᠳᠠᠬᠤ ᠨᠡᠷ᠎ᠡ ᠪᠡᠷ ᠲᠣᠭᠣᠰ ᠬᠠᠲᠤᠨ ᠤ᠋ ᠣᠷᠳᠣᠨ ᠳ᠋ᠤ᠌ ᠣᠷᠣᠵᠤ ᠭᠠᠷᠤᠭᠠᠳ ᠳᠡᠭᠡᠳᠦᠰ ᠦ᠋ᠨ ᠲᠣᠭᠲᠠᠭᠠᠯ ᠊ᠢ ᠰᠠᠮᠠᠭᠤᠷᠠᠭᠤᠯᠪᠠᠢ 》 ᠭᠡᠰᠡᠨ ᠦᠭᠡ ᠪᠣᠢ᠃ ᠡᠨᠡ ᠬᠡᠷᠡᠭ ᠊ᠢ ᠲᠣᠭᠣᠰ ᠬᠠᠲᠤᠨ ᠰᠣᠨᠣᠰᠤᠭᠠᠳ ᠨᠢᠭᠤᠷ ᠲᠤ᠌ ᠨᠢ ᠬᠦᠷᠴᠦ ᠬᠠᠭᠠᠨ ᠊ᠢ ᠡᠷᠢᠵᠦ ᠣᠴᠢᠭᠠᠳ 《 ᠮᠢᠨᠦ ᠨᠡᠷ᠎ᠡ ᠨᠢᠭᠤᠷ ᠊ᠢ ᠭᠤᠲᠤᠭᠠᠪᠠ 》 ᠭᠡᠮᠡᠨ ᠵᠠᠭᠠᠯᠳᠤᠪᠠ᠃ ᠲᠣᠬᠣᠨᠲᠡᠮᠤᠷ ᠬᠠᠭᠠᠨ ᠰᠤᠯᠠ ᠬᠠᠲᠤᠨ ᠡᠬᠡ ᠶ᠋ᠢᠨ ᠢ᠋ᠶ᠋ᠡᠨ ᠤᠬᠢᠯᠠᠨ ᠬᠡᠯᠡᠬᠦ ᠶ᠋ᠢ ᠰᠣᠨᠣᠰᠤᠭᠠᠳ ᠵᠢᠷᠦᠬᠡ ᠡᠪᠡᠳᠴᠦ ᠲᠠᠶ᠋ᠢᠫᠢᠩ ᠊ᠢ ᠬᠦᠨᠳᠦ ᠪᠡᠷ ᠰᠢᠢᠳᠬᠡᠬᠦ ᠵᠠᠷᠯᠢᠭ ᠪᠠᠭᠤᠯᠭᠠᠭᠰᠠᠨ ᠪᠥᠭᠡᠳ ᠪᠤᠲᠤᠤᠷᠤᠯ ᠪᠢᠴᠢᠭ ᠲᠤᠭᠤᠷᠪᠢᠭᠰᠠᠨ ᠪᠠᠶ᠋ᠢᠴᠠᠭᠠᠨ ᠦᠵᠡᠭᠴᠢ ᠲᠦᠰᠢᠮᠡᠯ ᠤᠷᠠᠬᠠᠶ᠋ᠢᠲᠤ ᠶ᠋ᠢ ᠪᠠᠰᠠ ᠵᠠᠭᠤᠨ ᠮᠣᠳᠣ ᠵᠠᠨᠴᠢᠵᠤ ᠬᠢᠯᠢ ᠬᠢᠵᠠᠭᠠᠷ ᠊ᠢ ᠰᠠᠬᠢᠭᠤᠯᠬᠤ ᠪᠠᠷ ᠢᠯᠡᠭᠡᠪᠡ ᠃
ᠠᠷᠤᠭᠲᠤ ᠵᠠᠶ᠋ᠢᠯᠠᠵᠤ ᠶᠠᠪᠤᠭᠠᠳ ᠲᠣᠷᠵᠢᠪᠠᠯ ᠲᠤᠰᠢᠶᠠᠯ ᠳ᠋ᠤ᠌ ᠪᠠᠨ ᠨᠠᠰᠤ ᠪᠠᠷᠠᠪᠠ ᠃ ᠣᠳᠣ ᠲᠠᠶ᠋ᠢᠫᠢᠩ ᠊ᠢ ᠪᠠᠰᠠ ᠬᠥᠳᠡᠭᠡ ᠨᠤᠲᠤᠭ ᠲᠤ᠌ ᠨᠢ ᠬᠥᠭᠡᠭᠡᠵᠦ ᠶᠠᠪᠤᠭᠤᠯᠪᠠ ᠃ ᠲᠥᠷᠥ ᠳ᠋ᠦ᠍ ᠭᠠᠭᠴᠠ ᠲᠣᠭᠲᠤᠬ᠋᠎ᠠ ᠪᠣᠯᠤᠨ ᠲᠡᠭᠦᠨ ᠦ᠌ ᠳᠡᠭᠦᠦ ᠡᠰᠡᠨᠲᠡᠮᠤᠷ ᠡᠵᠡᠨ ᠮᠡᠳᠡᠬᠦ ᠪᠣᠯᠪᠠ ᠃ ᠪᠢᠴᠢᠭ ᠴᠡᠷᠢᠭ ᠦ᠋ᠨ ᠲᠦᠰᠢᠮᠡᠳ ᠪᠦᠭᠦᠳᠡᠭᠡᠷ ᠲᠣᠭᠲᠤᠬ᠋᠎ᠠ ᠶ᠋ᠢᠨ ᠰᠦᠷ ᠲᠦ᠍ ᠳᠠᠷᠤᠭᠳᠠᠵᠤ ᠬᠡᠨ ᠊ᠢ᠎ᠡ ᠦᠭᠡ ᠳᠤᠤᠭᠠᠷᠬᠤ ᠦᠭᠡᠢ ᠠᠶᠠᠳᠠᠨ ᠳᠠᠭᠠᠬᠤ ᠪᠢᠯᠪᠢᠭᠦᠷᠳᠡᠨ ᠪᠢᠯᠳᠠᠤᠴᠢᠯᠠᠬᠤ ᠰᠤᠷᠲᠠᠯ ᠳᠡᠭᠡᠷ᠎ᠡ ᠳᠣᠣᠷ᠎ᠠ ᠦᠭᠡᠢ ᠨᠡᠶ᠋ᠢᠲᠡᠮ ᠳᠡᠯᠭᠡᠷᠡᠪᠡ ᠃
ᠲᠡᠳᠦᠢ ᠳ᠋ᠦ᠍ᠷ ᠬᠤᠪᠢᠯᠠᠢ ᠰᠡᠴᠡᠨ ᠬᠠᠭᠠᠨ ᠤ᠋ ᠦᠶ᠎ᠡ ᠳ᠋ᠦ᠍ ᠴᠢᠳᠬᠤᠭᠰᠠᠨ ᠵᠦᠩᠲ᠋ᠥ᠋ᠩ ᠦ᠋ᠨ ᠵᠣᠭᠣᠰ ᠂ ᡁᠢ ᠶᠤᠸᠠᠨ ᠤ᠋ ᠵᠣᠭᠣᠰ ᠤᠳᠠᠭᠠᠨ ᠬᠡᠷᠡᠭᠯᠡᠭᠳᠡᠬᠦ ᠶ᠋ᠢ ᠳᠠᠭᠠᠯᠳᠤᠨ ᠬᠠᠭᠤᠷᠮᠠᠭ ᠵᠣᠭᠣᠰ ᠣᠯᠠᠰᠢᠷᠠᠵᠤ ᠠᠷᠠᠳ ᠢᠷᠭᠡᠳ ᠲᠦ᠍ ᠮᠠᠰᠢ ᠶᠡᠬᠡ ᠬᠦᠨᠳᠦ ᠵᠣᠪᠠᠭᠤᠷᠢ ᠠᠪᠴᠢᠷᠠᠭᠰᠠᠨ ᠲᠤᠯᠠ ᠲᠣᠭᠲᠤᠬ᠋᠎ᠠ ᠬᠠᠭᠤᠴᠢᠨ ᠵᠣᠭᠣᠰ ᠤ᠋ᠨ ᠳᠦᠷᠢᠮ ᠊ᠢ ᠥᠭᠡᠷᠡᠴᠢᠯᠡᠬᠦ ᠪᠡᠷ ᠪᠢᠴᠢᠭ ᠦ᠋ᠨ ᠲᠦᠰᠢᠮᠡᠳ ᠊ᠢ ᠴᠤᠭᠯᠠᠭᠤᠯᠤᠨ ᠵᠥᠪᠳᠡᠪᠡᠰᠦ ᠲᠦᠰᠢᠮᠡᠳ ᠦ᠋ᠨ ᠶᠠᠪᠤᠳᠠᠯ ᠤ᠋ᠨ ᠶᠠᠮᠤᠨ ᠤ᠋ ᠡᠷᠭᠢᠨ ᠰᠠᠶ᠋ᠢᠳ ᠰᠡᠴᠡᠨᠲᠦ ᠥᠴᠢᠷᠦᠨ ᠄ 《 ᡁᠢ ᠵᠧᠩ ᠦ᠋ᠨ ᠵᠢᠶᠣᠤ ᠴᠤᠤ ᠵᠣᠭᠣᠰ ᠢ᠋ᠶ᠋ᠠᠷ ᠡᠬᠡ ᠵᠣᠭᠣᠰ ᠪᠣᠯᠭᠠᠵᠤ ᠲᠡᠮᠦᠷᠯᠢᠭ ᠵᠣᠭᠣᠰ ᠊ᠢ ᠬᠠᠪᠰᠤᠷᠤᠮᠵᠢ ᠵᠣᠭᠣᠰ ᠪᠣᠯᠭᠠᠨ ᠵᠡᠷᠭᠡ ᠪᠡᠷ ᠬᠡᠷᠡᠭᠯᠡᠭᠦᠯᠪᠡᠰᠦ ᠶᠠᠮᠠᠷ ? 》 ᠬᠡᠮᠡᠪᠡ ᠃ ᠤᠯᠤᠰ ᠤ᠋ᠨ ᠬᠥᠪᠡᠭᠦᠨ ᠊ᠢ ᠬᠥᠮᠦᠵᠢᠭᠦᠯᠬᠦ ᠰᠤᠷᠭᠠᠭᠤᠯᠢ ᠶ᠋ᠢᠨ ᠡᠷᠬᠢᠯᠡᠨ ᠰᠤᠷᠭᠠᠭᠴᠢ ᠲᠦᠰᠢᠮᠡᠯ ᠯᠢᠦᠢ ᠰᠧ ᠴᠧᠩ ᠥᠭᠦᠯᠡᠷᠦᠨ ᠄ 《 ᠲᠡᠮᠦᠷᠯᠢᠭ ᠵᠣᠭᠣᠰ ᠢ᠋ᠶ᠋ᠠᠷ ᠳᠡᠪᠢᠰᠬᠡᠷ ᠪᠣᠯᠭᠠᠨ ᠴᠠᠭᠠᠰᠤᠨ ᠵᠣᠭᠣᠰ ᠢ᠋ᠶ᠋ᠠᠷ ᠬᠠᠪᠰᠤᠷᠤᠮᠵᠢ ᠪᠣᠯᠭᠠᠨ ᠵᠡᠷᠭᠡ ᠪᠡᠷ ᠬᠦᠢᠯᠭᠡᠭᠡᠭᠦᠯᠬᠦ ᠢᠨᠦ ᠲᠣᠭᠲᠠᠭᠰᠠᠨ ᠶᠣᠰᠣᠨ ᠪᠣᠯᠠᠢ ᠃ ᠶᠠᠭᠠᠬᠢᠨ ᠡᠬᠢ ᠠᠳᠠᠭ ᠊ᠢ ᠲᠣᠩᠭᠣᠷᠠᠭᠤᠯᠵᠤ ᠪᠣᠯᠤᠮᠤᠢ ? ᠢᠷᠭᠡᠳ ᠲᠡᠮᠦᠷᠯᠢᠭ ᠵᠣᠭᠣᠰ ᠊ᠢ ᠬᠠᠳᠠᠭᠠᠯᠠᠬᠤ ᠳᠤᠷᠠᠲᠠᠢ ᠠ᠋ᠴᠠ ᠪᠢᠰᠢ ᠴᠠᠭᠠᠰᠤᠨ ᠵᠣᠭᠣᠰ ᠊ᠢ ᠬᠠᠳᠠᠭᠠᠯᠠᠬᠤ ᠳᠤᠷ᠎ᠠ ᠦᠭᠡᠢ ᠲᠤᠯᠠ ᠰᠢᠨ᠎ᠡ ᠴᠠᠭᠠᠰᠤᠨ ᠵᠣᠭᠣᠰ ᠲᠠᠷᠬᠠᠭᠠᠪᠠᠰᠤ ᠲᠡᠮᠦᠷᠯᠢᠭ ᠵᠣᠭᠣᠰ ᠬᠣᠮᠰᠠᠳᠠᠵᠤ ᠴᠠᠭᠠᠰᠤᠨ ᠵᠣᠭᠣᠰ ᠣᠯᠠᠰᠢᠷᠠᠨ ᠳᠣᠷᠣᠭᠰᠢᠳᠠ ᠢᠷᠭᠡᠨ ᠊ᠢ ᠵᠣᠪᠠᠭᠠᠵᠤ ᠳᠡᠭᠡᠭᠰᠢᠳᠡ ᠤᠯᠤᠰ ᠊ᠢ ᠰᠦᠢᠳᠬᠡᠵᠦ ᠴᠣᠬᠣᠮ ᠠᠶᠤᠯ ᠵᠣᠪᠠᠯᠠᠩ ᠤ᠋ᠨ ᠦᠨᠳᠦᠰᠦ ᠪᠣᠯᠤᠮᠤᠢ 》 ᠬᠡᠮᠡᠪᠡᠰᠦ ᠰᠡᠴᠡᠨᠲᠦ ᠮᠠᠷᠭᠤᠵᠤ ᠥᠭᠦᠯᠡᠷᠦᠨ ᠄ 《 ᡁᠢ ᠶᠤᠸᠠᠨ ᠤ᠋ ᠴᠠᠭᠠᠰᠤᠨ ᠵᠣᠭᠣᠰ ᠤ᠋ᠨ ᠬᠠᠭᠤᠷᠮᠠᠭ ᠠᠨᠤ ᠣᠯᠠᠨ ᠪᠤᠶᠤ ᠂ ᠰᠢᠨ᠎ᠡ ᠪᠡᠷ ᠲᠠᠷᠬᠠᠭᠠᠭᠰᠠᠨ ᠴᠠᠭᠠᠰᠤᠨ ᠵᠣᠭᠣᠰ ᠴᠢᠪ ᠭᠡᠮᠡᠨ ᠡᠨᠡ ᠬᠦ ᠭᠡᠮ ᠊ᠢ ᠠᠷᠢᠯᠭᠠᠵᠤ ᠪᠣᠯᠤᠮᠤᠢ ᠃ ᠶᠠᠭᠠᠬᠢᠨ ᠢᠷᠭᠡᠨ ᠳ᠋ᠦ᠍ᠷ ᠵᠣᠪᠠᠯᠠᠩ ᠪᠣᠯᠬᠤ ᠠᠵᠢ ? 》
ᠯᠢᠦᠢ ᠰᠧ ᠴᠧᠩ ᠥᠴᠢᠷᠦᠨ ᠄ 《 ᡁᠢ ᠶᠤᠸᠠᠨ ᠤ᠋ ᠴᠠᠭᠠᠰᠤᠨ ᠵᠣᠭᠣᠰ ᠬᠠᠭᠤᠷᠮᠠᠭ ᠪᠤᠰᠤ ᠂ ᠵᠠᠯᠢᠬᠠᠢ ᠠᠷᠠᠳ ᠠᠰᠢᠭ ᠣᠯᠬᠤ ᠶ᠋ᠢᠨ ᠲᠥᠯᠥᠭᠡ ᠳᠠᠭᠤᠷᠢᠶᠠᠨ ᠦᠢᠯᠡᠳᠦᠭᠰᠡᠨ ᠦ᠌ ᠬᠠᠷᠠᠭ᠎ᠠ ᠪᠠᠷ ᠬᠠᠭᠤᠷᠮᠠᠭ ᠵᠣᠭᠣᠰ ᠪᠣᠢ ᠪᠣᠯᠵᠤᠬᠤᠢ ᠃ ᡁᠢ ᠶᠤᠸᠠᠨ ᠤ᠋ ᠴᠠᠭᠠᠰᠤᠨ ᠵᠣᠭᠣᠰ ᠊ᠢ ᠣᠯᠠᠨ ᠵᠢᠯ ᠢ᠋ᠶ᠋ᠡᠷ ᠬᠡᠷᠡᠭᠯᠡᠭᠡᠳ ᠢᠷᠡᠭᠰᠡᠨ ᠲᠤᠯᠠ ᠢᠷᠭᠡᠳ ᠦᠨᠡᠨ ᠬᠤᠳᠠᠯ ᠵᠣᠭᠣᠰ ᠊ᠢ ᠢᠯᠭᠠᠨ ᠴᠢᠳᠠᠮᠤᠢ ᠃ ᠡᠳᠦᠭᠡ ᠰᠢᠨ᠎ᠡ ᠵᠣᠭᠣᠰ ᠊ᠢ ᠲᠠᠷᠬᠠᠭᠠᠪᠠᠰᠤ ᠢᠷᠭᠡᠳ ᠠᠯᠢ ᠠᠯᠢᠨ ᠊ᠢ ᠢᠯᠭᠠᠨ ᠲᠠᠨᠢᠵᠤ ᠲᠡᠶ᠋ᠢᠯᠬᠦ ᠦᠭᠡᠢ ᠪᠣᠯᠬᠤ ᠲᠤᠯᠠ ᠵᠠᠯᠢᠬᠠᠢ ᠠᠷᠠᠳ ᠬᠠᠭᠤᠷᠮᠠᠭ ᠵᠣᠭᠣᠰ ᠊ᠢ ᠬᠠᠪᠴᠢᠭᠤᠯᠤᠨ ᠬᠡᠷᠡᠭᠯᠡᠬᠦ ᠳ᠋ᠦ᠍ ᠨᠡᠩ ᠰᠠᠢᠨ ᠵᠠᠪᠰᠢᠶᠠᠨ ᠣᠯᠭᠣᠭᠤᠯᠬᠤ ᠪᠢᠰᠢᠦ ! 》
ᠲᠣᠭᠲᠤᠬ᠋᠎ᠠ ᠪᠠᠷ ᠰᠡᠴᠡᠨᠲᠦ ᠂ ᠯᠢᠦᠢ ᠰᠧ ᠴᠧᠩ ᠦ᠋ᠨ ᠮᠠᠷᠭᠤᠯᠳᠤᠬᠤ ᠶ᠋ᠢ ᠰᠣᠨᠣᠰᠤᠭᠠᠳ ᠨᠢᠭᠡ ᠯᠡ ᠳᠡᠭᠡᠷ᠎ᠡ ᠲᠠᠰᠤᠯᠤᠨ ᠲᠣᠭᠲᠠᠭᠠᠵᠤ ᠳᠡᠶ᠋ᠢᠯᠬᠦ ᠦᠭᠡᠢ ᠲᠤᠯᠠ ᠳᠠᠷᠠᠭ᠎ᠠ ᠪᠠᠷ ᠵᠥᠪᠳᠡᠨ ᠢᠯᠠᠭᠠᠰᠤᠭᠠᠢ ᠬᠡᠮᠡᠭᠡᠳ ᠲᠤᠰ ᠲᠤᠰ ᠊ᠢ ᠪᠤᠴᠠᠭᠠᠪᠠ᠃ ᠲᠣᠭᠲᠤᠬ᠋᠎ᠠ ᠶ᠋ᠢᠨ ᠳᠡᠭᠦᠦ ᠡᠰᠠᠨᠲᠡᠮᠦᠷ ᠠᠬ᠎ᠠ ᠳ᠋ᠤ᠌ ᠪᠠᠨ ᠥᠭᠦᠯᠡᠷᠦᠨ᠄ 《 ᠯᠢᠦᠢ ᠰᠤᠷᠭᠠᠭᠴᠢ ᠶ᠋ᠢᠨ ᠬᠡᠯᠡᠬᠦ ᠪᠡᠷ ᠰᠢᠨ᠎ᠡ ᠵᠣᠭᠣᠰ ᠲᠠᠷᠬᠠᠭᠠᠬᠤ ᠨᠢ ᠵᠢᠭᠠᠬᠠᠨ ᠴᠤ᠌ ᠠᠰᠢᠭ ᠦᠭᠡᠢ ᠭᠡᠵᠦ ᠦᠦ ? ᠲᠡᠷᠢᠭᠦᠨ ᠰᠠᠶ᠋ᠢᠳ ᠤ᠋ᠨ ᠡᠮᠦᠨ᠎ᠡ ᠲᠡᠷᠡ ᠮᠡᠲᠦ ᠳᠣᠭᠰᠢᠷᠠᠨ ᠠᠭᠠᠰᠢᠯᠠᠬᠤ ᠠᠨᠤ ᠵᠢᠷᠤᠮ ᠠ᠋ᠴᠠ ᠳᠠᠪᠠᠵᠤᠬᠤᠢ 》 ᠬᠡᠮᠡᠭᠰᠡᠨ ᠊ᠢ ᠪᠠᠶ᠋ᠢᠴᠠᠭᠠᠨ ᠦᠵᠡᠭᠴᠢ ᠲᠦᠰᠢᠮᠡᠳ ᠰᠣᠨᠣᠰᠤᠭᠠᠳ ᠮᠠᠷᠭᠠᠰᠢ ᠨᠢ ᠳᠡᠭᠡᠭᠰᠢ ᠪᠣᠳᠣᠷᠣᠣᠯ ᠪᠢᠴᠢᠭ ᠡᠷᠭᠦᠵᠦ ᠯᠢᠦᠢ ᠰᠧ ᠴᠧᠩ ᠊ᠢ ᠬᠤ᠌ ᠭᠤᠸᠠᠩ ᠬᠤᠪᠢᠶᠠᠷᠢ ᠮᠣᠵᠢ ᠳ᠋ᠤ᠌ ᠳᠠᠮᠨᠠᠭᠴᠢ ᠲᠦᠰᠢᠮᠡᠯ ᠪᠣᠯᠭᠠᠨ ᠶᠠᠪᠤᠭᠤᠯᠪᠠ᠃
ᠲᠣᠭᠲᠤᠬ᠋᠎ᠠ ᠪᠠᠷ ᠰᠡᠴᠡᠨᠲᠦ ᠶ᠋ᠢᠨ ᠦᠭᠡ ᠪᠡᠷ ᠰᠢᠨ᠎ᠡ ᠴᠠᠭᠠᠰᠤᠨ ᠵᠣᠭᠣᠰ ᠲᠠᠷᠬᠠᠭᠠᠨ ᠭᠦᠢᠯᠭᠡᠭᠡᠭᠦᠯᠪᠡ ᠃ ᠲᠡᠶ᠋ᠢᠨ ᠬᠦ᠌ ᠬᠠᠭᠠᠰ ᠵᠢᠯ ᠪᠣᠯᠤᠭᠰᠠᠨ ᠦᠭᠡᠢ ᠨᠡᠶ᠋ᠢᠭᠡᠮ ᠳᠡᠭᠡᠷ᠎ᠡ ᠲᠡᠮᠦᠷᠯᠢᠭ ᠵᠣᠭᠣᠰ ᠬᠣᠪᠣᠷᠳᠠᠭᠠᠳ ᠴᠠᠭᠠᠰᠤᠨ ᠵᠣᠭᠣᠰ ᠢᠯᠡᠭᠦᠳᠡᠪᠡ ᠃ ᠡᠭᠦᠨ ᠦ᠌ ᠳ᠋ᠦ᠋ᠩ ᠳ᠋ᠦ᠍ ᠪᠠᠷᠠᠭᠠᠨ ᠤ᠋ ᠦᠨ᠎ᠡ ᠥᠰᠴᠦ ᠂ ᠵᠠᠷᠢᠮ ᠭᠠᠵᠠᠷ ᠲᠤ᠌ ᠪᠣᠳᠠᠰ ᠊ᠢ ᠪᠣᠳᠠᠰ ᠢ᠋ᠶ᠋ᠠᠷ ᠰᠣᠯᠢᠯᠴᠠᠵᠤ᠂ ᠤᠯᠤᠰ ᠤ᠋ᠨ ᠵᠣᠭᠣᠰᠤᠨ ᠤ᠋ ᠳᠦᠷᠢᠮ ᠡᠪᠳᠡᠭᠳᠡᠭᠡᠳ ᠠᠯᠪᠠᠨ ᠤ᠋ ᠪᠠ ᠬᠤᠪᠢ ᠬᠥᠮᠦᠨ ᠦ᠌ ᠭᠠᠷ ᠲᠤ᠌ ᠪᠠᠶ᠋ᠢᠭ᠎ᠠ ᠴᠠᠭᠠᠰᠤᠨ ᠵᠣᠭᠣᠰ ᠭᠦᠢᠯᠭᠡᠭᠡᠨ ᠦ᠌ ᠦᠢᠯᠡᠳᠦᠯ ᠢ᠋ᠶ᠋ᠡᠨ ᠠᠯᠳᠠᠵᠤ ᠤᠯᠤᠰ ᠠᠷᠠᠳ ᠤ᠋ᠨ ᠠᠵᠤ ᠠᠮᠢᠳᠤᠷᠠᠯ ᠤᠷᠢᠳᠤ ᠳ᠋ᠤ᠌ ᠭᠠᠷᠤᠭ᠎ᠠ ᠦᠭᠡᠢ ᠬᠦᠴᠢᠷᠳᠡᠯ ᠳ᠋ᠦ᠍ ᠤᠴᠠᠷᠠᠪᠠ᠃
ᠶᠠᠭ ᠡᠨᠡ ᠬᠦ᠌ ᠬᠦᠴᠢᠷ ᠵᠣᠪᠠᠯᠠᠩ ᠲᠤᠯᠭᠠᠷᠠᠭᠰᠠᠨ ᠪᠠᠴᠢᠮ ᠵᠠᠩᠭᠢᠯᠠᠭ᠎ᠠ ᠶ᠋ᠢᠨ ᠦᠶ᠎ᠡ ᠳ᠋ᠦ᠍ ᠬᠠᠲᠤᠨ ᠭᠣᠣᠯ ᠾᠧᠨᠠᠨ ᠂ ᠱᠠᠨᠳᠦ᠋ᠩ ᠳ᠋ᠦ᠍ ᠬᠠᠰᠢᠯᠭ᠎ᠠ ᠪᠠᠨ ᠰᠡᠲᠡᠯᠦᠭᠡᠳ ᠦᠶᠡᠷ ᠤᠰᠤᠨ ᠤ᠋ ᠶᠡᠬᠡ ᠭᠠᠮᠰᠢᠭ ᠪᠣᠯᠪᠠ ᠃ ᠡᠨᠡ ᠦᠨᠡᠬᠡᠷ ᠤᠷᠤᠭᠤᠳᠠᠪᠠᠯ ᠤᠬᠤᠨ᠎ᠠ ᠴᠠᠭᠠᠨ ᠢᠰᠢᠭᠡ ᠭᠡᠳᠡᠭ ᠢ᠋ᠶ᠋ᠡᠷ ᠲᠣᠭᠲᠤᠬ᠋᠎ᠠ ᠴᠢᠩᠰᠠᠩ ᠤᠷᠢᠳᠤ ᠪᠠᠶ᠋ᠢᠬ᠋᠎ᠠ ᠦᠭᠡᠢ ᠭᠠᠴᠢᠭᠳᠠᠯ ᠳ᠋ᠤ᠌ ᠣᠷᠣᠭᠠᠳ ᠶᠡᠬᠡᠳᠡ ᠰᠠᠮᠭᠠᠷᠳᠠᠪᠠ ᠃
ᠦᠰᠦᠭ ᠠᠮᠢᠯᠠᠭᠤᠯᠤᠭᠴᠢ ᠄ ᠴᠸᠨ ᠬᠤᠪᠢᠰᠬᠠᠯ ᠂ ᠰᠠᠷᠠᠨ᠎ᠠ ᠂ ᠡᠷᠳᠡᠨᠢ ᠂ ᠥᠷᠯᠥᠭ ᠂ ᠪᠤᠤ ᠿᠦᠩ ᠬᠤᠸᠠ ᠂ ᠪᠦᠷᠢᠨᠵᠢᠷᠭᠠᠯ
ᠬᠢᠨᠠᠭᠴᠢ ᠄ ᠮᠥᠴᠢᠷ
