ᠠᠳᠤᠭᠤᠴᠢᠨ ᠤ ᠳᠠᠭᠤᠤ – ᠯ ᠂ ᠣᠳᠽᠠᠷ Адуучны дуу – Л ᠂ Одзар
ᠠᠳᠤᠭᠤᠴᠢᠨ ᠤ ᠳᠠᠭᠤᠤ
ᠯ · ᠤᠤᠨᠽᠠᠷ
ᠠᠲᠤᠭᠤᠴᠢᠨ ᠪᠢ
ᠤᠷᠴᠢᠯᠠᠩ ᠊ᠢ ᠬᠡᠮᠵᠢᠭᠰᠡᠨ ᠨᠢ ᠤᠨᠠᠬ᠋᠎ᠠ ᠶ᠋ᠢᠨ ᠮᠢᠨᠢ ᠲᠤᠭᠤᠷᠠᠢ
ᠤᠭᠲᠠᠷᠭᠤᠢ ᠶ᠋ᠢ ᠬᠡᠮᠵᠢᠭᠰᠡᠨ ᠨᠢ ᠤᠷᠬ᠋᠎ᠠ ᠶ᠋ᠢᠨ ᠮᠢᠨᠢ ᠦᠵᠦᠭᠦᠷ
ᠤᠲᠤᠲᠠᠢ ᠴᠤᠭᠲᠠᠢ ᠮᠤᠩᠭᠤᠯ ᠬᠦᠮᠦᠨ ᠪ ᠦᠷ᠎ᠡ
ᠤᠯᠲᠠᠰᠢ ᠦᠭᠡᠢ ᠰᠠᠶ᠋ᠢᠨ ᠬᠦᠮᠦᠨ ᠪ ᠨᠢᠭᠡ ᠃
ᠪᠤᠭᠤᠮᠢ ᠶ᠋ᠢᠨ ᠦᠵᠦᠭᠦᠷ ᠤᠬᠤᠷ ᠪᠤᠯᠪᠠᠴᠤ ᠵᠠᠩᠭᠢᠷᠠᠬ᠋ᠠ ᠦᠭᠡᠢ
ᠪᠤᠲᠤᠯ ᠦ᠋ᠨ ᠲᠡᠭᠷᠢ ᠨᠠᠮᠬᠠᠨ ᠪᠤᠯᠪᠠᠴᠤ ᠡᠬᠦᠯᠡ ᠦᠭᠡᠢ
ᠪᠤᠷᠤ ᠭᠡᠷ ᠪᠤᠯᠬᠢ ᠪᠤᠯᠪᠠᠴᠤ ᠤᠲᠤᠭᠡ ᠦᠭᠡᠢ
ᠪᠤᠰᠤᠭᠡ ᠲᠦᠷᠦᠭᠡ ᠦᠯᠬᠢ ᠪᠤᠯᠪᠠᠴᠤ ᠴᠠᠪᠠ ᠦᠭᠡᠢ ᠃
ᠡᠯᠢᠬᠡᠨ ᠳ᠋ᠡᠭᠡᠨ ᠨᠠᠷᠠ ᠨᠠᠮ᠎ᠠ ᠶ᠋ᠢ ᠲᠡᠪᠡᠷᠢᠭᠰᠡᠭᠡᠷ
ᠡᠮᠡᠭᠡᠯ ᠲᠡᠭᠡᠷ᠎ᠡ ᠰᠤᠪᠤᠷᠬ᠋ᠠ ᠬᠡᠵᠦ ᠰᠠᠭᠤᠯᠭᠠᠭᠰᠠᠨ ᠶᠤᠮ ᠃
ᠡᠩᠬᠡᠷ ᠲᠡᠭᠡᠨ ᠰᠠᠯᠬᠢ ᠨᠠᠮ᠎ᠠ ᠶ᠋ᠢ ᠢᠯᠪᠢᠭᠰᠡᠭᠡᠷ
ᠡᠷ᠎ᠡ ᠶ᠋ᠢᠨ ᠲᠤᠮᠲᠠ ᠬᠠᠲᠠ ᠬᠡᠵᠦ ᠵᠤᠭᠰᠤᠭᠠᠭᠰᠠᠨ ᠶᠤᠮ ᠃
ᠵᠡᠷᠭᠡᠯᠭᠡᠨ ᠵᠠᠶ᠋ᠢᠲᠠᠯᠠᠭᠰᠠᠨ ᠤᠯᠠᠭᠠᠨ ᠡᠭᠦᠯᠡᠨ ᠪ ᠭᠤᠭᠴᠤᠭᠡ
ᠵᠡᠭᠡᠷᠲᠡ ᠮᠤᠷᠢᠨ ᠪ ᠮᠢᠨᠢ ᠤᠩᠭᠤᠨ ᠲᠡᠯ ᠦ᠋ᠨ ᠪᠤᠲᠠᠷᠠᠬ᠋ᠠ
ᠵᠡᠭᠡᠷ᠎ᠡ ᠨᠢᠭᠤᠴᠠᠯᠠᠭᠰᠠᠨ ᠨᠤᠭᠤᠭᠠᠨ ᠡᠪᠡᠰᠦᠨ ᠪ ᠲᠤᠯᠭᠢᠶᠡ
ᠵᠢᠷᠦᠬᠡ ᠰᠡᠤᠠᠭᠢᠯ ᠦ᠋ᠨ ᠮᠢᠨᠢ ᠲᠠᠷᠬᠠᠨ ᠲᠤᠭ ᠦ᠋ᠨ ᠨᠠᠮᠢᠷᠠᠬ᠋ᠠ
ᠡᠬᠡ ᠪᠠᠨ ᠠᠯᠲᠠᠬᠰᠠᠨ ᠦᠨᠦᠴᠢᠨ ᠴᠠᠭᠠᠨ ᠪᠤᠲᠤᠭᠤ ᠶ᠋ᠢ ᠪᠠᠨ
ᠡᠨᠡᠷᠢᠵᠦ ᠪᠠᠶ᠋ᠢᠭᠠᠳ ᠨᠢᠯᠪᠤᠰᠤ ᠪᠠᠨ ᠤᠨᠠᠭᠠᠲᠠᠭ ᠵᠦᠭᠡᠯᠡᠨ ᠵᠠᠩ ᠲᠠᠢ ᠃
ᠡᠵᠡᠨ ᠶ᠋ᠢᠡᠨ ᠪᠠᠰᠤᠭᠰᠠᠨ ᠭᠠᠩᠭᠠᠩ ᠬᠠᠷ᠎ᠠ ᠮᠤᠷᠢ ᠶ᠋ᠢ ᠪᠡᠨ
ᠡᠷᠭᠢᠭᠦᠯᠵᠦ ᠪᠠᠶ᠋ᠢᠬᠰᠠᠭᠠᠷ ᠤᠷᠬ᠋᠎ᠠ ᠪᠠᠨ ᠬᠤᠭᠤᠯᠲᠠᠭ ᠬᠠᠲᠠᠭᠤ ᠭᠠᠷ ᠲᠠᠢ ᠃
ᠨᠠᠷᠠᠨ ᠪ ᠰᠠᠶ᠋ᠢᠬᠠᠨ ᠳᠦ ᠡᠭᠦᠯᠡᠨ ᠲᠤᠯᠤᠭᠠᠢ ᠶ᠋ᠢ ᠲᠠᠷᠤᠵᠤ
ᠨᠠᠰᠤᠨ ᠪ ᠰᠠᠶ᠋ᠢᠬᠠᠨ ᠳᠦ ᠠᠭᠤᠯᠠᠨ ᠲᠤᠯᠤᠭᠠᠢ ᠶ᠋ᠢ ᠲᠠᠷᠤᠵᠤ
ᠨᠠᠪᠴᠢᠨ ᠴᠢᠮᠡᠭᠲᠦ ᠨᠤᠭᠤᠭᠠᠨ ᠲᠡᠯᠡᠬᠡᠢ ᠶ᠋ᠢᠨ ᠨᠢᠷᠤᠭᠤᠨ ᠳᠦ
ᠨᠠᠭᠠᠯᠲᠤᠵᠤ ᠶᠠᠪᠤᠬ᠋᠎ᠠ ᠬᠥᠮᠦᠨ ᠪ ᠦᠷ᠎ᠡ ᠪᠢ
ᠠᠲᠤᠭᠤᠨ ᠳ᠋ᠠᠭᠠᠨ ᠭᠡᠪᠡᠯ ᠬᠥᠯᠥᠭ ᠦ᠋ᠨ ᠲᠤᠭᠤᠰᠤᠨ ᠳᠦ ᠲᠠᠷᠤᠭᠲᠠᠬᠤ ᠦᠭᠡᠢ
ᠠᠲᠠᠭᠠᠨ ᠳ᠋ᠠᠭᠠᠨ ᠬᠡᠪᠡᠯ ᠬᠦᠮᠦᠨ ᠪ ᠲᠤᠭᠤᠰᠤᠨ ᠳᠦ ᠪᠤᠯᠠᠭᠲᠠᠬᠤ ᠦᠭᠡᠢ
ᠠᠪᠤ ᠡᠴᠡ ᠰᠤᠷᠤᠭᠰᠠᠨ 《 ᠡᠭᠦᠯᠡᠨ ᠬᠥᠬᠡ 》 ᠪᠠᠨ ᠠᠶᠠᠯᠭᠤᠯᠠᠭᠠᠳ ᠯᠡ
ᠠᠭᠲᠠ ᠵᠢᠨ ᠨᠢᠷᠤᠭᠤᠨ ᠡᠴᠡ ᠠᠭᠤᠯᠠ ᠵᠢᠨ ᠨᠢᠷᠤᠭᠤ ᠶ᠋ᠢ ᠢᠯᠪᠢᠭᠡᠳ ᠯᠡ
ᠬᠦᠯ ᠠᠯᠲᠠᠭᠤᠯᠬᠤ ᠬᠦᠮᠦᠨ ᠪ ᠰᠡᠤᠠᠭᠢᠯ ᠦ᠋ᠨ ᠱᠤᠤᠭᠢᠶᠠᠨ ᠳᠦ ᠪᠤᠯ
ᠬᠦᠲᠡᠯᠦᠰᠢ ᠦᠬᠡᠢ ᠠᠭᠤᠯᠠ ᠪᠤᠯᠵᠤ ᠰᠡᠭᠦᠶ᠋ᠢᠵᠦ ᠶᠠᠪᠤᠨ᠎ᠠ ᠃
ᠬᠥᠯᠥᠭ ᠰᠢᠯᠭᠠᠬᠤ ᠠᠮᠢᠲᠤᠷᠠᠯ ᠦ᠋ᠨ ᠦᠨᠲᠦᠷ ᠲᠠᠪᠠᠭᠠᠨ ᠳᠦ ᠪᠤᠯ
ᠭᠦᠯᠲᠡᠰᠢ ᠦᠭᠡᠢ ᠨᠠᠷᠠᠰᠤ ᠪᠤᠯᠵᠤ ᠤᠷᠭᠤᠵᠤ ᠶᠠᠪᠤᠨ᠎ᠠ ᠃
