ᠠᠮᠤ ᠪᠤᠲᠠᠭᠠᠨ ᠪ ᠦᠭᠡ - ᠭᠦᠷᠵᠠᠪ Амуу будааны үг – Гүржав
ᠠᠮᠤ ᠪᠤᠲᠠᠭᠠᠨ ᠪ ᠦᠭᠡ
ᠭᠦᠷᠵᠠᠪ
ᠠᠲᠠᠷ ᠬᠡᠭᠡᠷ᠎ᠡ ᠦᠨᠲᠦᠰᠦ ᠰᠠᠭᠤᠷᠢ ᠲᠠᠢ ᠪᠢ
ᠠᠰᠬᠠᠨ ᠲᠣᠬᠢᠯᠢᠬ ᠪᠡᠶ᠎ᠡ ᠴᠣᠭᠴᠠ ᠲᠠᠢ ᠪᠢ ᠂
ᠠᠯᠲᠠᠨ ᠰᠢᠷᠭᠠᠯ ᠥᠩᠭᠡ ᠵᠢᠰᠦ ᠲᠡᠢ ᠪᠢ
ᠠᠷᠪᠢᠨ ᠵᠢᠵᠢᠭ᠌ ᠮᠥᠬᠦᠯᠢᠭ ᠦᠷ᠎ᠡ ᠲᠡᠢ ᠪᠢ ᠃
ᠠᠵᠢᠯᠴᠢ ᠲᠠᠷᠢᠶᠠᠴᠢᠳ ᠦ᠋ᠨ ᠬᠥᠯᠥᠰᠥ ᠬᠦᠴᠦ ᠪᠡᠷ
ᠠᠷᠴᠢᠬᠲᠠᠵᠤ ᠲᠠᠷᠢᠬᠲᠠᠵᠤ ᠲᠥᠷᠥᠭᠰᠡᠨ ᠪᠢ
ᠠᠮᠢᠲᠤᠷᠠᠯ ᠠᠲᠠᠯ ᠦ᠋ᠨ ᠬᠡᠷᠡᠭᠴᠡᠭᠡ ᠱᠠᠭᠠᠷᠲᠠᠯᠬ᠋ᠠ ᠪᠠᠷ
ᠠᠯᠢ ᠴᠤ᠌ ᠣᠷᠣᠨ ᠳ᠋ᠤ᠌ ᠣᠴᠢᠲᠠᠭ ᠪᠢ ᠃
ᠠᠩᠬᠢᠯᠤᠮ᠎ᠠ ᠰᠡᠪᠡᠭᠦᠨ ᠦᠨᠦᠷ ᠠᠮᠲᠠ ᠪᠡᠷ ᠶ᠋ᠢᠡᠨ
ᠠᠯᠢᠪᠠ ᠪᠦᠬᠦᠨ ᠊ᠢ ᠲᠡᠵᠢᠭᠡᠯᠰᠢᠭᠦᠯᠳᠡᠭ ᠪᠢ ᠂
ᠠᠷᠢᠭᠤᠨ ᠨᠠᠨᠲᠢᠨ ᠷᠢᠲᠢ ᠰᠢᠲᠢ ᠪᠡᠷ ᠶ᠋ᠢᠡᠨ
ᠠᠵᠤ ᠠᠮᠢᠲᠤᠷᠠᠯ ᠊ᠢ ᠬᠦᠴᠦᠷᠬᠡᠭᠵᠢᠭᠦᠯᠳᠡᠭ ᠪᠢ ᠃
ᠥᠯᠪᠡᠷᠴᠦ ᠥᠯᠥᠰᠦᠭᠡᠳ ᠪᠡᠷᠬᠡᠲᠡᠵᠦ ᠲᠡᠪᠡᠭᠳᠡᠭᠰᠡᠳ
ᠦᠤᠠᠲᠡᠷᠭᠡᠨ ᠣᠴᠢᠭᠠᠳ ᠲᠤᠰᠠᠯᠠᠲᠠᠭ ᠪᠢ ᠂
ᠥᠪᠡᠷ ᠦ᠋ᠨ ᠡᠷᠬᠢᠮ ᠲᠡᠵᠢᠭᠡᠯ ᠰᠢᠮ᠎ᠡ ᠪᠡᠷ ᠶ᠋ᠢᠡᠨ
ᠡᠷᠭᠦᠵᠦ ᠲᠡᠤᠠᠬᠦᠨ ᠪᠣᠰᠬᠠᠲᠠᠭ ᠪᠢ ᠃
ᠦᠯᠡᠮᠵᠢᠬᠡᠨ ᠠᠴᠢ ᠶ᠋ᠢ ᠮᠢᠨᠢ ᠮᠡᠳᠡᠭᠰᠡᠨ ᠨᠢᠭᠡ ᠨᠢ
ᠡᠲᠦᠷᠵᠢᠨ ᠨᠠᠮᠠᠶ᠋ᠢ ᠶ᠋ᠢ ᠬᠠᠶ᠋ᠢᠷᠠᠯᠠᠲᠠᠭ ᠶᠤᠮ ᠂
ᠦᠩᠭᠡᠷᠡᠦ ᠴᠦ᠍ ᠬᠢᠨᠠᠮᠠᠭᠠᠢ ᠦᠭᠡᠢ ᠬᠡᠢᠰᠳᠡᠭ ᠵᠠᠷᠢᠮ ᠨᠢ
ᠥᠯᠮᠡᠢ ᠳᠣᠭᠤᠤᠷ ᠶ᠋ᠢᠠᠨ ᠪᠥᠮᠪᠥᠷᠢᠭᠦᠯᠳᠡᠭ ᠶᠤᠮ ᠂ ᠨᠠᠮᠠᠶ᠋ᠢ ᠃
ᠥᠰᠦᠭᠰᠡᠨ ᠡᠨᠡ ᠪᠡᠶ᠎ᠡ ᠪᠡᠨ
ᠥᠷᠲᠡᠭ ᠦᠭᠡᠢ ᠥᠩᠭᠡᠷᠡᠭᠦᠯᠬᠦ ᠳᠤᠷ᠎ᠠ ᠦᠭᠡᠢ ᠪᠢ ᠂
ᠥᠨᠴᠥᠭ ᠪᠤᠯᠤᠩ ᠊ᠢ ᠰᠠᠬᠢᠭᠠᠳ
ᠡᠲᠦᠷ ᠊ᠢ ᠨᠥᠭᠴᠢᠭᠡᠬᠦ ᠳᠤᠷ᠎ᠠ ᠦᠭᠡᠢ ᠪᠢ ᠃
ᠥᠯᠥᠰᠴᠦ ᠳᠠᠭᠠᠷᠠᠵᠤ ᠪᠠᠶ᠋ᠢᠬ᠋᠎ᠠ ᠬᠥᠮᠦᠰ ᠲᠤ
ᠥᠯ ᠪᠣᠯᠬᠤ ᠳᠤᠷᠠᠲᠠᠢ ᠪᠢ ᠂
ᠦᠨᠡᠲᠦ ᠠᠮᠢ ᠶ᠋ᠢ ᠨᠢ ᠦᠷᠬᠦᠯᠵᠢᠯᠡᠭᠦᠯᠬᠦ ᠳ᠋ᠤ᠌
ᠥᠪᠡᠷ ᠊ᠢ ᠪᠡᠨ ᠵᠣᠷᠢᠭᠤᠯᠬᠤ ᠳᠤᠷᠠᠲᠠᠢ ᠪᠢ ᠃
ᠠᠷᠪᠢᠯᠠᠵᠤ ᠭᠠᠮᠨᠠᠬᠤ ᠶ᠋ᠢ ᠮᠡᠳᠡᠳᠡᠭ ᠦᠭᠡᠢ
ᠠᠯᠠᠩ ᠵᠠᠩ ᠊ᠢ ᠲᠣᠭᠤᠬᠤ ᠦᠭᠡᠢ ᠪᠢ ᠂
ᠠᠰᠬᠠᠵᠤ ᠴᠢᠤᠠᠬᠤᠬᠤ ᠶ᠋ᠢ ᠬᠢᠴᠢᠶᠡᠳᠡᠭ ᠦᠭᠡᠢ
ᠠᠩᠬᠠᠷᠤᠮᠵᠢ ᠦᠭᠡᠢ ᠬᠡᠦᠬᠡᠳ ᠊ᠢ ᠲᠣᠭᠣᠬᠤ ᠦᠭᠡᠢ ᠪᠢ ᠃
ᠥᠷᠬᠦᠯᠵᠢᠲᠡ ᠨᠠᠮᠠᠶ᠋ᠢ ᠡᠷᠬᠢᠮᠨᠡᠵᠦ ᠰᠢᠲᠦᠳᠡᠭ
ᠦᠷᠭᠡᠨ ᠲᠦᠮᠡᠨ ᠳ᠋ᠤ᠌ ᠵᠢᠤᠠᠬᠦᠨᠡ ᠪᠢ ᠂
ᠦᠷ᠎ᠡ ᠨᠠᠮᠠᠬ᠋ᠠ ᠪᠠᠨ ᠦᠷᠭᠦᠯᠵᠢᠯᠡᠭᠦᠯᠵᠦ ᠳᠡᠯᠭᠡᠷᠡᠭᠦᠯᠬᠦ ᠳ᠋ᠦ᠍ᠨᠢ
ᠡᠭᠦᠷᠭᠡ ᠬᠠᠷᠢᠭᠤᠴᠠᠯᠬ᠋ᠠ ᠪᠠᠨ ᠭᠦᠢᠴᠡᠤᠠᠬᠡᠨᠡ ᠪᠢ ᠃
ᠬᠡᠵᠢᠶᠡᠲᠡ ᠨᠠᠮᠠᠶ᠋ᠢ ᠬᠠᠶ᠋ᠢᠷᠠᠯᠠᠵᠤ ᠬᠢᠮᠠᠭᠠᠲᠠᠲᠠᠭ
ᠬᠥᠲᠡᠯᠮᠦᠷᠢᠴᠢ ᠣᠯᠠᠨ ᠳ᠋ᠤ᠌ ᠦᠢᠯᠡᠴᠢᠯᠡᠨ᠎ᠡ ᠪᠢ ᠂
ᠬᠡᠲᠦ ᠶ᠋ᠢᠨ ᠬᠦᠰᠡᠯᠡᠩ ᠶ᠋ᠢᠡᠨ ᠪᠡᠶᠡᠯᠡᠭᠦᠯᠵᠦ ᠪᠦᠲᠦᠭᠡᠬᠦ ᠳ᠋ᠦ᠍ᠨᠢ
ᠬᠡᠮᠵᠢᠶ᠎ᠡ ᠲᠡᠢ ᠬᠦᠴᠦ ᠪᠡᠨ ᠡᠷᠭᠦᠨ᠎ᠡ ᠪᠢ !
ᠢᠷᠡᠯᠲᠡ ᠄
ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》 ᠭᠡᠳᠡᠭ ᠨᠣᠮ ᠠ᠋ᠴᠠ ᠬᠠᠭᠤᠯᠤᠨ ᠪᠢᠴᠢᠪᠡ ᠂
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠤ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠪᠤᠷᠭᠢᠯ
ᠬᠢᠨᠠᠭᠴᠢ ᠄ ᠪᠠᠶᠠᠷᠴᠡᠴᠡᠭ
2023 ᠂3 ᠂26 ᠪ ᠡᠲᠦᠷ
