ᠢᠷᠡᠬᠦ ᠵᠠᠭᠤᠨ ᠤ ᠬᠣᠩᠬᠣᠨ ᠳᠠᠭᠤᠨ – ᠲ ᠂ ᠭᠣᠮᠪᠣᠵᠠᠪ Ирэх зууны хонхон дуун – Т ᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠷᠡᠬᠦ ᠵᠠᠭᠤᠨ ᠤ ᠬᠣᠩᠬᠣᠨ ᠳᠠᠭᠤᠨ – ᠲ ᠂ ᠭᠣᠮᠪᠣᠵᠠᠪ Ирэх зууны хонхон дуун – Т ᠂ Гомбожав

ᠢᠷᠡᠬᠦ ᠵᠠᠭᠤᠨ ᠤ ᠬᠣᠩᠬᠣᠨ ᠳᠠᠭᠤᠨ – ᠲ ᠂ ᠭᠣᠮᠪᠣᠵᠠᠪ Ирэх зууны хонхон дуун – Т ᠂ Гомбожав

2023-03-30

301

ᠪᠣᠯᠪᠠᠰᠤᠷᠠᠵᠤ ᠪᠠᠢᠭ᠎ᠠ ᠵᠢᠮᠢᠰ


                     — ᠣᠷᠣᠰᠢᠯ ᠤ᠋ᠨ ᠣᠷᠣᠨ ᠳ᠋ᠤ᠌    
                                          ᠴᠢ᠊᠂ ᠮᠡᠷᠭᠡᠨ    

    ᠮᠣᠩᠭᠣᠯ ᠰᠢᠯᠦᠭ ᠪᠣᠯ ᠣᠮᠣᠭᠰᠢᠯᠲᠠᠢ ᠮᠥᠷᠲᠡᠭᠡᠨ ᠠᠯᠤᠰ ᠤ᠋ᠨ ᠰᠠᠶᠢᠬᠠᠨ ᠢᠷᠡᠭᠡᠳᠦᠢ ᠲᠡᠢ ᠪᠢᠯᠡ ᠃ ᠡᠮᠦᠨᠡᠰᠢ ᠪᠡᠨ ᠬᠠᠷᠠᠵᠤ ᠦᠵᠡᠪᠡᠯ ᠂ ᠦᠶ᠎ᠡ ᠦᠶ᠎ᠡ ᠠᠪᠤᠷᠭᠤ ᠣᠳᠣ ᠭᠠᠷᠤᠭᠰᠠᠭᠠᠷ ᠢᠷᠡᠭᠰᠡᠨ ᠪᠥᠭᠡᠳ ᠡᠷᠭᠢᠵᠦ ᠬᠠᠨᠳᠤᠵᠤ ᠦᠵᠡᠪᠡᠯ ᠂ ᠰᠢᠨ᠎ᠡ ᠰᠢᠨ᠎ᠡ ᠭᠡᠷᠡᠯᠲᠦ ᠣᠳᠣ ᠰᠢᠯᠦᠭ ᠦ᠋ᠨ ᠲᠩᠷᠢ ᠳ᠋ᠦ᠍ ᠭᠢᠯᠠᠯᠵᠠᠭᠰᠠᠭᠠᠷ ᠠᠶ᠋ᠢᠰᠤᠢ ᠃ ᠡᠳᠡᠭᠡᠷ ᠣᠳᠣᠳ ᠤ᠋ᠨ ᠡᠮᠦᠨ᠎ᠡ ᠨᠢ ᠭᠢᠯᠠᠯᠵᠠᠨ ᠳᠤᠯᠠᠯᠵᠠᠵᠤ ᠪᠠᠶ᠋ᠢᠬᠤ ᠨᠢᠭᠡᠨ ᠣᠳᠣ ᠪᠣᠯ ᠲ ᠂ ᠭᠣᠮᠪᠣᠵᠠᠪ ᠪᠣᠯᠬᠤ ᠪᠢᠯᠡ ᠃  
     ᠵᠠᠯᠠᠭᠤ ᠰᠢᠯᠦᠭᠴᠢ  ᠲ ᠂ ᠭᠣᠮᠪᠣᠵᠠᠪ ᠬᠠᠮᠤᠭ ᠠᠩᠬᠠᠨ ᠤ᠋ ᠰᠢᠯᠦᠭ ᠢ᠋ᠶ᠋ᠡᠨ1975 ᠣᠨ ᠳ᠋ᠤ᠌ ᠨᠡᠢᠲᠡᠯᠡᠭᠰᠡᠨ ᠡᠴᠡ ᠨᠡᠰᠢ ᠪᠡᠷᠬᠡ ᠪᠠᠷᠲᠠᠭᠠᠲᠤ ᠰᠢᠯᠦᠭ ᠦ᠋ᠨ ᠵᠥᠷᠢᠭ ᠢ᠋ᠶ᠋ᠡᠷ ᠤᠨᠠᠨ ᠲᠣᠰᠣᠨ᠂ ᠣᠯᠳᠠᠨ ᠠᠯᠲᠠᠨ ᠥᠪᠡᠷ ᠦ᠋ᠨ ᠤᠯᠠ ᠮᠥᠷ ᠢ᠋ᠶ᠋ᠡᠨ ᠲᠠᠰᠤᠷᠠᠯ ᠦᠭᠡᠢ ᠮᠣᠩᠭᠣᠯ ᠰᠢᠯᠦᠭ ᠦ᠋ᠨ ᠬᠦᠷᠢᠶᠡᠯᠡᠩ ᠳ᠋ᠦ᠍ ᠦᠯᠡᠳᠡᠭᠡᠵᠦ ᠂ ᠤᠷᠤᠭᠰᠢᠯᠠᠵᠤ  ᠢᠷᠡᠭᠰᠡᠨ ᠶᠤᠮ ᠃ ᠲᠡᠭᠦᠨ ᠦ᠌  ᠪᠢᠴᠢᠭᠰᠡᠨ《 ᠣᠩᠭᠣᠨ ᠪᠣᠳᠣᠯ 》 ᠭᠡᠬᠦ ᠰᠢᠯᠦᠭ ᠨᠢ ᠲᠡᠭᠦᠨ ᠦ᠌ ᠪᠦᠬᠦ ᠰᠢᠯᠦᠭ ᠦ᠋ᠨ ᠳᠣᠲᠣᠷᠠᠬᠢ ᠵᠠᠭᠠᠭ ᠪᠣᠯᠵᠤ ᠂ ᠡᠨᠡ ᠰᠢᠯᠦᠭ ᠡᠴᠡ ᠡᠬᠢᠯᠡᠵᠦ ᠲ ᠂ ᠭᠣᠮᠪᠣᠵᠠᠪ ᠢᠳᠡᠭ ᠢᠳᠡᠭ ᠢ᠋ᠶ᠋ᠡᠷ ᠰᠢᠭᠤᠳ ᠤᠶᠠᠩᠭᠠᠯᠠᠬᠤ ᠠᠷᠭ᠎ᠠ ᠮᠠᠶᠢᠬ ᠂ ᠤᠷᠠᠨ ᠮᠡᠷᠭᠡᠰᠢᠯ ᠂ ᠬᠡᠪ ᠵᠠᠭᠪᠤᠷ ᠠ᠋ᠴᠠ ᠵᠣᠷᠢᠯᠭ᠎ᠠ ᠲᠠᠢ ᠪᠠᠷ ᠠᠩᠭᠢᠵᠢᠷᠠᠨ   ᠰᠠᠯᠵᠤ ᠂ ᠰᠢᠨ᠎ᠡ ᠰᠢᠨ᠎ᠡ ᠤᠷᠠᠯᠢᠭ ᠤ᠋ᠨ ᠠᠷᠭ᠎ᠠ ᠪᠠᠷᠢᠯ ᠂ ᠬᠡᠪ ᠵᠠᠭᠪᠤᠷ ᠊ᠢ ᠡᠷᠢᠯᠬᠢᠯᠡᠨ ᠢᠷᠡᠭᠰᠡᠨ ᠊ᠢ ᠲᠡᠭᠦᠨ ᠦ᠌ ᠵᠣᠬᠢᠶᠠᠨ ᠪᠦᠲᠦᠭᠡᠯᠭᠡ ᠶ᠋ᠢᠨ ᠪᠣᠳᠠᠲᠤ ᠦᠢᠯᠡᠳᠦᠯᠭᠡ ᠪᠦᠷᠢᠨ ᠭᠡᠷᠡᠴᠢᠯᠡᠵᠦ ᠪᠠᠶ᠋ᠢᠨ᠎ᠠ ᠃
   《 ᠢᠷᠡᠬᠦ ᠵᠠᠭᠤᠨ ᠤ᠋ ᠬᠣᠩᠬᠣᠨ ᠳᠠᠭᠤᠨ 》 ᠭᠡᠬᠦ ᠰᠢᠯᠦᠭ ᠦ᠋ᠨ ᠲᠡᠭᠦᠪᠦᠷᠢ ᠪᠣᠯ ᠲᠡᠭᠦᠨ ᠦ᠌ 《 ᠣᠩᠭᠣᠨ ᠪᠣᠳᠣᠯ 》 ᠠ᠋ᠴᠠ ᠨᠠᠰᠢᠬᠢ ᠰᠢᠯᠦᠭ ᠢ᠋ᠶ᠋ᠡᠨ ᠡᠮᠬᠢᠳᠬᠡᠵᠦ ᠴᠤᠭᠯᠠᠭᠤᠯᠤᠭᠰᠠᠨ ᠲᠡᠭᠦᠪᠦᠷᠢ ᠪᠣᠯᠬᠤ ᠨᠢ ᠢᠯᠡᠷᠬᠡᠢ ᠃ ᠡᠨᠡᠬᠦ ᠲᠡᠭᠦᠪᠦᠷᠢ ᠶ᠋ᠢ ᠰᠢᠨᠵᠢᠵᠦ ᠦᠵᠡᠪᠡᠯ ᠂  ᠰᠢᠯᠦᠭᠴᠢ ᠪᠡᠯᠭᠡᠳᠡᠯ ᠂ ᠬᠠᠮ ᠰᠠᠷᠠᠯ ᠂ ᠳᠦᠷᠰᠦ ᠬᠤᠪᠢᠷᠠᠯ ᠂ ᠰᠠᠨᠠᠭ᠎ᠠ ᠲᠥᠷᠬᠦ ᠭᠡᠬᠦ ᠵᠡᠷᠭᠡ ᠶ᠋ᠢᠨ ᠠᠷᠭ᠎ᠠ ᠪᠠᠷᠢᠯ ᠊ᠢ ᠤᠬᠠᠮᠰᠠᠷ ᠲᠠᠢ ᠪᠠᠷ ᠰᠤᠷᠴᠤ ᠬᠡᠷᠡᠭᠯᠡᠵᠦ ᠢᠷᠡᠭᠰᠡᠨ ᠪᠥᠭᠡᠳ ᠡᠵᠡᠮᠰᠢᠵᠦ ᠢᠷᠡᠭᠰᠡᠨ ᠪᠠᠶ᠋ᠢᠨ᠎ᠠ ᠃ ᠲᠡᠭᠦᠨ ᠦ᠌ 《 ᠴᠦᠯ ᠦ᠋ᠨ ᠢᠲᠡᠭᠡᠯ 》 ᠭᠡᠬᠦ ᠰᠢᠯᠦᠭ ᠲᠦ᠍ ᠄ 
        《 ᠤᠰᠤᠷᠬᠠᠭ ᠵᠡᠭᠦᠳᠦ ᠬᠠᠭᠰᠠᠵᠤ
         ᠤᠮᠠᠷᠠᠲᠤ ᠶ᠋ᠢᠨ ᠡᠯᠡᠰᠦᠨ ᠳ᠋ᠦ᠍ ᠵᠡᠷᠭᠡᠯᠭᠡᠨ ᠰᠢᠳᠡᠯ᠎ᠡ 
         ᠠᠭᠤᠯᠠᠨ ᠴᠢᠨᠠᠳᠤᠬᠢ ᠠᠶᠤᠩᠭ᠎ᠠ ᠶ᠋ᠢᠨ ᠳᠠᠭᠤᠨ ᠢ᠋ᠶ᠋ᠠᠷ 
         ᠭᠣᠷᠢᠳᠠᠯ ᠵᠠᠮᠬᠠᠷᠠᠵᠤ 
         ᠡᠯᠡᠰᠦᠨ ᠦ᠌ ᠨᠠᠷᠠ ᠭᠠᠰᠢᠭᠤᠬᠠᠨ ᠡᠷᠭᠢᠨ᠎ᠡ

         ᠪᠣᠳᠣᠯ ᠠᠴᠢᠭᠰᠠᠨ ᠲᠡᠮᠡᠭᠡᠳ ᠦ᠋ᠨ 
         ᠪᠣᠰᠤᠭ᠎ᠠ ᠵᠣᠭᠳᠣᠷ ᠬᠡᠶ᠋ᠢᠰᠴᠦ
         ᠴᠦᠯ ᠦ᠋ᠨ ᠢᠲᠡᠭᠡᠯ ᠂  ᠨᠠᠭᠤᠷ ᠲᠦᠰᠢᠵᠦ ᠵᠣᠭᠰᠣᠨ᠎ᠠ ᠠ᠋ 》 ᠭᠡᠵᠦ ᠪᠢᠴᠢᠪᠡ ᠃ 
    ᠡᠭᠦᠨ ᠳ᠋ᠦ᠍ 《 ᠠᠭᠤᠯᠠᠨ ᠴᠢᠨᠠᠳᠤᠬᠢ ᠠᠶᠤᠩᠭ᠎ᠠ ᠶ᠋ᠢᠨ ᠳᠠᠭᠤᠨ 》 ᠊ᠢ ᠬᠡᠢ ᠭᠣᠷᠢᠳᠠᠵᠤ ᠪᠠᠶ᠋ᠢᠬᠰᠠᠨ ᠡᠯᠡᠰᠦᠨ ᠦ᠌ 《 ᠤᠰᠤᠷᠬᠠᠭ ᠵᠡᠭᠦᠳᠦ 》 ᠶ᠋ᠢᠨ ᠵᠠᠮᠬᠠᠷᠠᠭᠰᠠᠨ ᠢ᠋ᠶ᠋ᠠᠷ ᠳᠡᠮᠵᠢᠵᠦ 《 ᠴᠦᠯ ᠦ᠋ᠨ ᠢᠲᠡᠭᠡᠯ 》 ᠬᠠᠰᠢ ᠯᠠ 《 ᠨᠠᠭᠤᠷ ᠢ᠋ᠶ᠋ᠠᠨ ᠲᠦᠰᠢᠵᠦ ᠵᠣᠭᠰᠣᠬᠤ 》 ᠬᠡᠷᠡᠭᠲᠡᠢ ᠭᠡᠰᠡᠨ ᠭᠦᠨ ᠶᠣᠰᠣ ᠶ᠋ᠢ ᠪᠡᠯᠭᠡᠳᠡᠯ ᠂ ᠳᠦᠷᠰᠦ ᠬᠤᠪᠢᠷᠠᠯ ᠤ᠋ᠨ ᠠᠷᠭ᠎ᠠ ᠵᠡᠷᠭᠡ ᠪᠡᠷ ᠭᠠᠷᠭᠠᠭᠰᠠᠨ ᠪᠠᠶ᠋ᠢᠨ᠎ᠠ ᠃ ᠮᠥᠨ ᠲᠡᠭᠦᠨᠴᠢᠯᠡᠨ 《 ᠠᠮᠢᠳᠤ ᠬᠠᠳᠠᠨ ᠤ᠋ ᠱᠤᠤᠭᠢᠶ᠎ᠠ 》 ᠬᠡᠮᠡᠬᠦ ᠤᠷᠲᠤ ᠰᠢᠯᠦᠭ ᠲᠡᠭᠡᠨ ᠄ 
          《 ᠣᠯᠤᠭᠰᠠᠨ ᠠ᠋ᠴᠠ ᠪᠠᠨ ᠢᠯᠡᠭᠦᠦ ᠠᠯᠳᠠᠭᠰᠠᠨ ᠤ᠋ ᠪᠠᠨ ᠭᠤᠨᠢᠭ ᠊ᠢ
           ᠠᠭᠤᠯᠠᠨ ᠠ᠋ᠴᠠ ᠬᠦᠨᠳᠦ ᠮᠥᠷ ᠦ᠋ᠨ ᠢ᠋ᠶ᠋ᠡᠨ ᠳᠣᠣᠷ᠎ᠠ 
           ᠳᠠᠷᠤᠵᠤ ᠲᠠᠯᠪᠢᠯ᠎ᠠ ᠪᠢ  》

         《 ᠤᠩᠬᠢ ᠴᠣᠩᠬᠢ ᠪᠡᠷᠬᠡ ᠶ᠋ᠢᠨ ᠪᠠᠯᠠᠷ ᠲᠤ᠌ 
                ᠬᠠᠶᠠ ᠤᠯᠠᠭᠠᠨ
                ᠬᠠᠶᠠ ᠬᠦᠷᠡᠩ ᠦᠯᠢᠭᠡᠷ ᠢ᠋ᠶ᠋ᠡᠨ ᠪᠢ 
          ᠣᠯᠠᠨ ᠬᠥᠮᠦᠨ ᠦ᠌ ᠵᠠᠮ ᠳᠡᠭᠡᠷ᠎ᠡ 
          ᠥᠷᠲᠡᠭᠡ ᠪᠣᠯᠭᠠᠨ ᠪᠤᠰᠬᠠᠯ᠎ᠠ 》 ᠭᠡᠵᠦ 《 ᠠᠮᠢᠳᠤ ᠬᠠᠳᠠᠨ 》 ᠤ᠋ ᠤᠳᠠᠭᠠᠨ ᠵᠢᠯ ᠳᠠᠷᠤᠭᠳᠠᠵᠤ ᠪᠠᠶ᠋ᠢᠬᠰᠠᠨ ᠭᠤᠨᠢᠭ ᠊ᠢ ᠪᠢᠴᠢᠵᠦ ᠂ ᠨᠡᠶ᠋ᠢᠭᠡᠮ ᠶᠢᠷᠲᠢᠨᠴᠦ ᠪᠤᠶᠤ ᠬᠥᠮᠦᠨ ᠦ᠌ ᠵᠠᠷᠢᠮ ᠳ᠋ᠠᠭᠠᠨ ᠣᠯᠤᠭᠰᠠᠨ ᠨᠢ ᠬᠠᠷᠢᠨ ᠠᠯᠳᠠᠵᠤ ᠂ ᠠᠯᠳᠠᠭᠰᠠᠨ ᠨᠢ ᠬᠠᠷᠢᠨ ᠣᠯᠤᠭᠰᠠᠨ ᠪᠠᠶ᠋ᠢᠲᠠᠭ ᠭᠡᠳᠡᠭ ᠶᠣᠰᠣ ᠶ᠋ᠢ ᠵᠠᠯᠭᠠᠵᠤ ᠢᠷᠡᠬᠦ ᠬᠥᠮᠦᠰ ᠦ᠋ᠨ ᠵᠠᠮ ᠳᠡᠭᠡᠷ᠎ᠡ ᠥᠷᠲᠡᠭᠡ ᠪᠣᠯᠭᠠᠨ ᠪᠣᠰᠬᠠᠵᠤ ᠥᠭᠴᠡᠢ᠃ 
      ᠲ ᠂ ᠭᠣᠮᠪᠣᠵᠠᠪ ᠤ᠋ᠨ ᠰᠢᠯᠦᠭ ᠊ᠢ ᠶᠡᠷᠦᠩᠬᠡᠢ ᠳ᠋ᠦ᠍ᠨᠢ ᠠᠪᠴᠤ ᠦᠵᠡᠪᠡᠯ ᠂ ᠡᠷᠡᠭᠦᠯ ᠰᠠᠷᠠᠭᠤᠯ ᠢ᠋ᠶ᠋ᠠᠷ  ᠬᠥᠭᠵᠢᠵᠦ ᠢᠷᠡᠭᠰᠡᠨ ᠪᠥᠭᠡᠳ ᠶᠠᠭ ᠰᠠᠢᠬᠠᠨ ᠪᠣᠯᠪᠠᠰᠤᠷᠠᠯ ᠤ᠋ᠨ ᠴᠠᠭ ᠲᠠᠭᠠᠨ ᠣᠷᠣᠭᠠᠳ ᠪᠠᠶ᠋ᠢᠨ᠎ᠠ ᠃ ᠲᠡᠭᠦᠨ ᠦ᠌ ᠰᠢᠯᠦᠭ ᠦ᠋ᠨ ᠵᠠᠷᠢᠮ ᠨᠢ ᠨᠢᠭᠡᠨᠲᠡ ᠪᠣᠯᠪᠠᠰᠤᠷᠠᠭᠠᠳ ᠭᠠᠯ ᠤᠯᠠᠶ᠋ᠢᠵᠤ ᠰᠢᠭᠦᠰᠦ  ᠳᠤᠰᠤᠯᠤᠮᠠᠷ ᠪᠠᠶ᠋ᠢᠬᠤ ᠳ᠋ᠤ᠌ ᠂ ᠵᠠᠷᠢᠮ ᠨᠢ ᠪᠠᠰᠠ ᠣᠯᠠᠶ᠋ᠢᠬᠰᠠᠨ ᠰᠢᠵᠢᠷ ᠥᠩᠭᠡ ᠶ᠋ᠢᠨ ᠳᠣᠲᠣᠷ᠎ᠠ ᠨᠢ ᠨᠤᠭᠤᠭᠠᠪᠲᠤᠷ ᠥᠩᠭᠡ ᠬᠣᠯᠢᠯᠳᠤᠵᠤ ᠪᠠᠶ᠋ᠢᠨ᠎ᠠ ᠂ ᠵᠠᠷᠢᠮ ᠨᠢ ᠪᠠᠰᠠ ᠢᠰᠬᠦᠯᠡᠩ ᠰᠢᠭ ᠪᠠᠶ᠋ᠢᠨ᠎ᠠ ᠃ ᠲᠤᠰ ᠲᠡᠭᠦᠪᠦᠷᠢ ᠳ᠋ᠦ᠍  ᠣᠷᠣᠭᠰᠠᠨ ᠪᠦᠬᠦ ᠰᠢᠯᠦᠭ ᠊ᠢ ᠨᠠᠷᠢᠨ ᠰᠢᠨᠵᠢᠵᠦ ᠨᠢᠮᠪᠠᠢ ᠰᠤᠳᠤᠯᠵᠤ ᠦᠵᠡᠪᠡᠯ ᠂  ᠲ ᠂ ᠭᠣᠮᠪᠣᠵᠠᠪ ᠡᠭᠦᠨ ᠡᠴᠡ ᠬᠣᠶ᠋ᠢᠰᠢ ᠡᠷᠬᠡᠪᠰᠢ ᠬᠡᠪᠰᠢᠯ ᠡᠴᠡ ᠵᠠᠶ᠋ᠢᠯᠠᠵᠤ ᠂ ᠨᠢᠭᠡ ᠯᠡ ᠠᠳᠠᠯᠢ ᠦᠨᠦᠷ ᠠᠮᠲᠠ ᠲᠠᠢ ᠂ ᠨᠢᠭᠡ ᠯᠡ ᠠᠳᠠᠯᠢ ᠥᠩᠭᠡ ᠬᠡᠯᠪᠡᠷᠢ ᠲᠡᠢ ᠲᠣᠭᠣᠷ ᠊ᠢ ᠤᠩᠰᠢᠭᠴᠢᠳ ᠲᠠᠭᠠᠨ ᠬᠦᠷᠭᠡᠵᠦ ᠥᠭᠬᠦ ᠶ᠋ᠢ ᠣᠨᠴᠠ ᠠᠩᠬᠠᠷᠪᠠᠰᠤ ᠵᠣᠶ᠋ᠢᠲᠠᠢ ᠃ ᠲᠡᠭᠦᠨ ᠦ᠌ ᠡᠮᠦᠨ᠎ᠡ ᠲᠠᠯᠪᠢᠭᠳᠠᠵᠤ ᠪᠠᠶ᠋ᠢᠬᠤ ᠨᠢ ᠠᠷᠪᠢᠨ ᠊ᠢ ᠡᠷᠬᠢᠮᠯᠡᠬᠦ ᠪᠤᠰᠤ ᠂ ᠤᠷᠲᠤ ᠶ᠋ᠢ ᠡᠷᠬᠢᠮᠯᠡᠬᠦ ᠪᠤᠰᠤ ᠂ ᠬᠠᠷᠢᠨ ᠠᠮᠢᠳᠤᠷᠠᠯ ᠲᠡᠮᠡᠴᠡᠯ ᠊ᠢ ᠬᠠᠷᠠᠭᠤᠯᠤᠭᠰᠠᠨ ᠂ ᠴᠠᠭ ᠦᠶ᠎ᠡ ᠶ᠋ᠢ ᠳᠤᠰᠬᠠᠭᠰᠠᠨ ᠲᠡᠦᠬᠡ ᠶ᠋ᠢᠨ ᠤᠷᠲᠤ ᠤᠳᠠᠭᠠᠨ ᠰᠢᠯᠭᠠᠯᠲᠠ ᠶ᠋ᠢ ᠳᠠᠭᠠᠭᠠᠵᠤ ᠴᠢᠳᠠᠳᠠᠭ ᠂ ᠳᠠᠪᠠᠵᠤ ᠭᠠᠷᠳᠠᠭ ᠨᠡᠩ ᠴᠢᠨᠠᠷᠯᠢᠭ ᠂ ᠨᠡᠩ ᠳᠣᠷᠪᠢᠯᠢᠭ ᠪᠦᠲᠦᠭᠡᠯ ᠭᠠᠷᠭᠠᠬᠤ ᠬᠦᠨᠳᠦ ᠬᠦᠴᠢᠷ ᠡᠭᠦᠷᠭᠡ ᠪᠣᠯᠤᠨ᠎ᠠ ᠃
     ᠲ ᠂ ᠭᠣᠮᠪᠣᠵᠠᠪ ᠰᠢᠯᠦᠭ ᠊ᠢ ᠶᠡᠬᠡᠯ᠎ᠡ ᠭᠣᠶᠣᠬᠠᠨ ᠪᠢᠴᠢᠨ᠎ᠡ ᠂ ᠦᠭᠡ ᠶ᠋ᠢ ᠴᠦ᠍ ᠮᠥᠨ ᠶᠡᠬᠡᠯ᠎ᠡ ᠭᠣᠶᠣᠬᠠᠨ ᠵᠠᠷᠤᠨ᠎ᠠ ᠂  ᠲᠡᠭᠦᠨ ᠦ᠌  ᠪᠦᠲᠦᠭᠡᠭᠰᠡᠨ ᠬᠣᠶᠠᠳᠠᠬᠢ ᠪᠠᠶ᠋ᠢᠭᠠᠯᠢ ᠨᠢ ᠴᠦ᠍ ᠲᠤᠩ ᠰᠠᠶᠢᠬᠠᠨ ᠃ ᠭᠡᠪᠡᠴᠦ ᠰᠢᠯᠦᠭ ᠲᠤᠨᠢ ᠶᠡᠬᠡ  ᠰᠢᠯᠦᠭᠴᠢ ᠪᠣᠯᠬᠤ ᠳ᠋ᠤ᠌ ᠪᠠᠰᠠ ᠨᠢᠭᠡᠨ ᠶᠠᠭᠤᠮ᠎ᠠ ᠳᠤᠲᠠᠭᠳᠠᠵᠤ ᠪᠠᠶ᠋ᠢᠬᠤ ᠰᠢᠭ᠋ ᠃ ᠶᠠᠭᠤ ᠳᠤᠲᠠᠭᠳᠠᠵᠤ ᠪᠠᠶ᠋ᠢᠬᠤ ᠶ᠋ᠢ ᠨᠢ ᠪᠢ ᠣᠳᠣᠬᠠᠨ ᠳ᠋ᠤ᠌ ᠪᠠᠰᠠ ᠮᠡᠳᠡᠬᠦ ᠦᠭᠡᠢ ᠃ ᠵᠠᠯᠠᠭᠤ ᠬᠥᠮᠦᠨ ᠦ᠌ ᠵᠠᠮ ᠤ᠋ᠨ ᠬᠦᠵᠦᠭᠦᠦ ᠤᠷᠲᠤ ᠭᠡᠳᠡᠭ ᠢ᠋ᠶ᠋ᠡᠷ ᠶᠠᠪᠤᠭ᠎ᠠ ᠶᠠᠪᠤᠭᠠᠨ ᠳ᠋ᠠᠭᠠᠨ ᠲᠡᠷᠡ ᠥᠪᠡᠷ ᠲᠡᠭᠡᠨ ᠯᠠᠪᠲᠠᠢ ᠣᠯᠵᠤ ᠠᠪᠴᠤ ᠴᠢᠳᠠᠬᠤ ᠶᠤᠮ ᠭᠡᠵᠦ ᠪᠢ ᠪᠠᠲᠤ ᠢᠲᠡᠭᠡᠵᠦ ᠪᠠᠷᠳᠠᠮ ᠰᠠᠨᠠᠵᠤ ᠪᠠᠶ᠋ᠢᠨ᠎ᠠ !            
         
                                     1991 ᠂ 1 ᠂ 5  ᠬᠥᠬᠡᠬᠣᠲᠠ ᠳ᠋ᠤ᠌ ᠪᠢᠴᠢᠪᠡ ᠃

          ᠦᠰᠦᠭ ᠠᠮᠢᠯᠠᠭᠤᠯᠤᠭᠰᠠᠨ ᠨᠢ ᠄  ᠲᠩᠷᠢ ᠡᠵᠢ 
                 ᠬᠢᠨᠠᠭ᠍ᠴᠢ᠄   ᠴᠣᠯᠮᠣᠨᠲᠦᠶᠠᠭ᠎ᠠ  ᠪᠠᠭ᠍ᠰᠢ