ᠬᠡᠦᠬᠡᠳ – ᠭᠦᠷᠵᠠᠪ Хүүхэд – Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠦᠬᠡᠳ – ᠭᠦᠷᠵᠠᠪ Хүүхэд – Гүржав

ᠬᠡᠦᠬᠡᠳ – ᠭᠦᠷᠵᠠᠪ Хүүхэд – Гүржав

2023-03-29

254

ᠬᠡᠦᠬᠡᠳ


             ᠭᠦᠷᠵᠠᠪ

 ᠠᠭᠤᠷᠯᠠᠬᠤ ᠳ᠋ᠠᠭᠠᠨ
 ᠠᠭᠤᠯᠠ ᠶ᠋ᠢᠨ ᠤᠷᠤᠭᠤ
 ᠥᠩᠬᠦᠷᠢᠲᠡᠵᠦ ᠪᠠᠭᠤᠭᠰᠠᠨ
 ᠤᠬᠠᠬ᠋᠎ᠠ ᠦᠭᠡᠢ
 ᠬᠥᠩᠭᠡᠨ ᠰᠢᠢᠤᠠᠪᠦᠷᠢ — ᠬᠡᠦᠬᠡᠳ ᠪᠢᠯᠡ
 ᠤᠶ᠋ᠢᠤᠠᠬᠤ ᠳ᠋ᠠᠭᠠᠨ —
 ᠤᠰᠤᠨ ᠪ ᠬᠥᠪᠡᠭᠡ ᠳᠠᠭᠠᠵᠤ ᠭᠦᠶᠦᠭᠰᠡᠨ
 ᠤᠴᠢᠷ ᠦᠭᠡᠢ
 ᠬᠥᠭᠡᠷᠦᠬᠦᠨ ᠰᠡᠤᠠᠬᠢᠯ — ᠬᠡᠦᠬᠡᠳ ᠪᠢᠯᠡ
 ᠤᠨᠠᠵᠤ ᠲᠤᠰᠬᠤ ᠶ᠋ᠢᠨ ᠰᠠᠶ᠋ᠢᠬᠠᠨ ᠪᠠᠷ᠎ᠠ ᠪᠣᠯ
 ᠠᠭᠤᠯᠵᠠᠵᠤ ᠵᠣᠯᠭᠠᠬᠤ ᠶ᠋ᠢᠨ
 ᠵᠢᠷᠭᠠᠯ ᠮᠥᠨ ᠭᠡᠵᠦ ᠤᠩᠰᠢᠬᠰᠠᠨ
 ᠥᠷᠥᠪᠴᠢᠬᠡᠨ ᠲᠠᠨᠢᠯᠲᠠ ᠪᠣᠯ ᠬᠡᠦᠬᠡᠳ ᠪᠢᠯᠡ
 ᠤᠷᠤᠭᠤᠲᠠᠵᠤ ᠥᠭᠡᠲᠡᠯᠡᠬᠦ ᠶ᠋ᠢᠨ 
 ᠤᠯᠠᠷᠢᠯ ᠣᠷᠴᠢᠯ ᠪᠣᠯ ᠤᠷᠠᠭᠲᠠᠵᠤ ᠪᠠᠷᠠᠭᠲᠠᠬᠤ ᠶ᠋ᠢᠨ
 ᠰᠣᠯᠢᠬᠲᠠᠯ ᠮᠥᠨ ᠭᠡᠵᠦ ᠡᠨᠲᠡᠭᠦᠷᠡᠭᠰᠡᠨ
 ᠤᠷᠠᠩᠬᠠᠢ ᠪᠣᠲᠣᠯ ᠪᠣᠯ ᠬᠡᠦᠬᠡᠳ ᠪᠢᠯᠡ ᠁
 ᠠᠭᠤᠯᠠ ᠨᠢ ᠠᠭᠤᠯᠠ ᠪᠠᠨ ᠨᠤᠷᠠᠭᠠᠨ᠎ᠠ ᠭᠡᠰᠡᠨ
 ᠤᠬᠠᠭᠠᠨ ᠦᠭᠡᠢ ᠦᠵᠡᠯᠲᠡ ᠪᠣᠯ ᠬᠡᠦᠬᠡᠳ ᠪᠢᠯᠡ
 ᠤᠰᠤ ᠨᠢ ᠤᠰᠤ ᠪᠠᠨ ᠵᠠᠯᠭᠢᠨ᠎ᠠ ᠭᠡᠰᠡᠨ
 ᠤᠴᠢᠷᠯᠠᠭ ᠰᠡᠤᠠᠬᠢᠮᠵᠢ ᠪᠣᠯ ᠬᠡᠦᠬᠡᠳ ᠪᠢᠯᠡ
 ᠤᠷᠭᠠᠨ ᠪ ᠦᠵᠦᠭᠦᠷ ᠲᠤ ᠨᠠᠷᠠ ᠪᠠᠶ᠋ᠢᠨ᠎ᠠ
 ᠤᠨᠠᠭᠠᠳ ᠶᠠᠭᠠᠬᠢᠭᠠᠳ ᠢᠷᠡᠳᠡᠭ ᠦᠭᠡᠢ ᠪᠢᠯᠡ ᠭᠡᠰᠡᠨ
 ᠤᠯᠢᠶᠠᠷᠬᠠᠭ ᠬᠠᠴᠢᠷᠬᠠᠯ ᠪᠣᠯ ᠬᠡᠦᠬᠡᠳ ᠪᠢᠯᠡ
 ᠤᠯᠠ ᠶ᠋ᠢᠨ ᠳᠣᠣᠷ᠎ᠠ ᠳᠡᠯᠡᠬᠡᠢ ᠪᠠᠶ᠋ᠢᠨ᠎ᠠ
 ᠤᠷᠪᠠᠭᠤᠯᠤᠭᠠᠳ ᠶᠠᠭᠠᠬᠢᠭᠠᠳ ᠬᠠᠶᠠᠴᠢᠬᠠᠬᠤ ᠦᠭᠡᠢ ᠪᠢᠯᠡ ᠭᠡᠰᠡᠨ
 ᠤᠨᠠᠭᠠᠨ ᠰᠡᠵᠢᠭ᠌ᠯᠡᠯ ᠪᠣᠯ ᠬᠡᠦᠬᠡᠳ ᠪᠢᠯᠡ ᠁
 ᠬᠡᠦᠬᠡᠳ ᠶᠡᠷᠦ ᠨᠢ ᠬᠥᠭᠡᠷᠦᠬᠦᠢ ᠪᠢᠯᠡ
 ᠬᠥᠮᠦᠨ  ᠳᠤ  ᠰᠡᠷᠡᠭᠳᠡᠰᠢ ᠦᠭᠡᠢ
 ᠬᠥᠭᠡᠷᠦᠬᠦᠢ ᠪᠢᠯᠡ
 ᠬᠡᠦᠬᠡᠳ ᠦ᠋ᠨ ᠰᠡᠤᠠᠬᠢᠯᠭᠡ  ᠳᠤ
 ᠰᠡᠪ ᠪᠤᠤ ᠯᠠ ᠰᠠᠭᠤᠯᠭᠠᠶ᠎ᠠ
 ᠬᠦᠷᠬᠦ ᠥᠷᠲᠡᠭᠡ — ᠮᠠᠷᠭᠠᠰᠢ ᠵᠦᠭ ᠨᠢ
 ᠰᠡᠤᠠᠬᠢᠮᠵᠢ ᠰᠤᠷᠭᠤᠭᠬᠠᠨ ᠳᠠᠪᠰᠢᠭᠤᠯᠤᠶ᠎ᠠ 

ᠢᠷᠡᠯᠲᠡ ᠄ 
         ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠂
             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ
              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ

       ᠦᠰᠦᠭ ᠠᠮᠢᠯᠠᠭᠤᠯᠤᠭᠴᠢ ᠄   ᠪᠠᠶᠠᠷᠴᠡᠴᠡᠭ
         ᠬᠢᠨᠠᠭᠴᠢ ᠄  ᠪᠠᠶᠠᠷᠴᠡᠴᠡᠭ
           20230326