ᠠᠮᠢᠲᠤᠷᠠᠯ – ᠭᠦᠷᠵᠠᠪ Амьдрал – Гүржав
ᠠᠮᠢᠲᠤᠷᠠᠯ
ᠭᠦᠷᠵᠠᠪ
ᠠᠮᠢᠲᠤᠷᠠᠯ ᠪᠣᠯ
ᠨᠢᠭᠡ ᠪᠤᠲᠠ ᠴᠡᠴᠡᠭ ᠶᠤᠮ
ᠠᠷᠠᠴᠢᠯᠠᠵᠤ ᠤᠰᠤᠯᠠᠨ ᠲᠣᠲᠤᠮᠲᠠᠪᠠᠯ
ᠠᠷᠪᠠᠨ ᠥᠩᠭᠡ ᠪᠡᠷ ᠰᠣᠯᠣᠩᠭᠠᠷᠠᠲᠠᠭ ᠶᠤᠮ
ᠠᠶ᠎ᠠ ᠳᠤᠷ᠎ᠠ ᠪᠠᠷ ᠨᠢ ᠲᠠᠯᠪᠢᠪᠠᠯ
ᠠᠲᠠᠷᠰᠢᠵᠤ ᠬᠠᠲᠠᠨ ᠬᠣᠷᠪᠣᠶ᠋ᠢᠲᠠᠭ ᠶᠤᠮ
ᠠᠮᠢᠲᠤᠷᠠᠯ ᠪᠣᠯ
ᠨᠡᠯᠦᠭᠡᠷ ᠶᠡᠬᠡ ᠳᠠᠯᠠᠢ ᠶᠤᠮ
ᠠᠶ᠋ᠢᠵᠠᠮ ᠵᠢᠮ᠎ᠡ ᠪᠡᠷ ᠨᠢ ᠤᠮᠪᠠᠭᠰᠠᠳ
ᠠᠯᠤᠰ ᠬᠢᠵᠠᠭᠠᠷ ᠲᠤᠨᠢ ᠬᠦᠷᠳᠡᠭ ᠶᠤᠮ
ᠠᠷᠬ᠋᠎ᠠ ᠳᠡᠮ ᠦᠭᠡᠢ ᠱᠤᠩᠪᠠᠭᠰᠠᠳ
ᠠᠵᠠ — ᠦᠭᠡᠶ᠋ᠢᠲᠡᠪᠡᠯ ᠡᠨᠳᠡᠳᠡᠭ ᠶᠤᠮ
ᠠᠮᠢᠲᠤᠷᠠᠯ ᠪᠣᠯ
ᠠᠷᠲᠠᠭ ᠴᠢᠩᠬ᠋᠎ᠠ — ᠠᠯᠠᠬ᠋᠎ᠠ ᠶᠤᠮ
ᠠᠵᠢᠯ ᠦᠢᠯᠡᠰ ᠴᠢᠨᠢ ᠥᠭᠡᠲᠡ ᠪᠣᠯ
ᠠᠰ ᠳᠡᠭᠡᠭᠰᠢ ᠪᠡᠨ ᠡᠷᠭᠦᠳᠡᠭ ᠶᠤᠮ
ᠠᠪᠢᠶᠠᠰ ᠰᠡᠤᠠᠬᠢᠴᠡ ᠴᠢᠨᠢ ᠬᠤᠮᠰᠠᠤᠠᠪᠠᠯ
ᠠᠷᠤ ᠲᠤᠬᠤ ᠪᠠᠷ ᠴᠢᠨᠢ ᠠᠯᠠᠭᠠᠲᠠᠲᠠᠭ ᠶᠤᠮ
ᠠᠮᠢᠲᠤᠷᠠᠯ ᠪᠣᠯ
ᠠᠵᠢᠬᠴᠢ ᠬᠢᠷᠠᠬᠠᠢ ᠨᠢᠲᠦ ᠶᠤᠮ
ᠠᠴᠢ ᠵᠢᠤᠠᠭᠦᠯ ᠴᠢᠨᠢ ᠲᠣᠪᠣᠶ᠋ᠢᠮᠠ ᠪᠣᠯ
ᠠᠯᠲᠠᠷ ᠬᠦᠨᠲᠦ — ᠬᠠᠶ᠋ᠢᠷᠠᠯᠠᠲᠠᠭ ᠶᠤᠮ
ᠠᠯᠲᠠᠰᠢ ᠭᠠᠷᠤᠵᠠ ᠴᠢᠨᠢ ᠶᠡᠬᠡ ᠪᠣᠯ
ᠠᠰ ᠰᠢᠭᠤᠷᠬᠠᠢ ᠰᠢᠤᠠᠭᠡᠲᠡᠭ ᠶᠤᠮ
ᠠᠮᠢᠲᠤᠷᠠᠯ ᠪᠣᠯ
ᠠᠶᠠᠨ ᠪ ᠤᠷᠲᠤ ᠬᠠᠷᠭᠤᠢ ᠶᠤᠮ
ᠠᠯᠵᠠᠭᠤᠷᠠᠯ ᠦᠭᠡᠢ ᠵᠠᠮᠨᠠᠭᠰᠠᠳ
ᠠᠮᠵᠢᠯᠲᠠ ᠲᠡᠭᠦᠰ ᠲᠤᠭᠤᠯᠲᠠᠭ ᠶᠤᠮ
ᠠᠯᠬᠤᠮ ᠶ᠋ᠢᠠᠨ ᠪᠠᠬ᠋᠎ᠠ ᠯᠡ ᠰᠤᠯᠠᠷᠠᠭᠤᠯᠤᠭᠰᠠᠳ
ᠠᠶᠠᠯᠠᠯ ᠲᠤᠮᠲᠠ ᠪᠠᠨ ᠬᠠᠶᠠᠭᠲᠠᠲᠠᠭ ᠶᠤᠮ ᠁
ᠢᠷᠡᠯᠲᠡ ᠄
ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》 ᠭᠡᠳᠡᠭ ᠨᠣᠮ ᠠ᠋ᠴᠠ ᠬᠠᠭᠤᠯᠤᠨ ᠪᠢᠴᠢᠪᠡ ᠂
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠤ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠤᠷᠠᠨᠴᠡᠴᠡᠭ
ᠬᠢᠨᠠᠭᠴᠢ ᠄ ᠪᠠᠶᠠᠷᠴᠡᠴᠡᠭ
2023 ᠣᠨ ᠪ3 ᠰᠠᠷ᠎ᠠ ᠶ᠋ᠢᠨ 26 ᠪ ᠡᠲᠦᠷ
