ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-5Гүнгийн жуугийн гэгээний алтан сургаал оршивой
ᠬᠦᠩ ᠦ᠋ᠨ ᠵᠣᠣ ᠶ᠋ᠢᠨ ᠭᠡᠭᠡᠨ ᠦ᠌ ᠠᠯᠲᠠᠨ ᠰᠤᠷᠭᠠᠯ ᠣᠷᠣᠰᠢᠪᠠ1-5
ᠨᠢᠭᠡᠳᠦᠭᠡᠷ ᠪᠦᠯᠦᠭ
ᠰᠤᠷᠭᠠᠯ ᠰᠢᠯᠦᠭ
ᠲᠠᠪᠤ
ᠬᠠᠷ᠎ᠠ ᠬᠥᠮᠦᠨ ᠡᠮ᠎ᠡ
ᠠᠪᠬᠤ ᠶᠣᠰᠣ ᠪᠦᠬᠦᠢ ᠶ᠋ᠢᠨ ᠳᠣᠲᠣᠷ᠎ᠠ ᠂
ᠬᠠᠮᠤᠭ ᠳᠡᠭᠡᠷ᠎ᠡ
ᠵᠢᠯᠣᠭᠣᠳᠤᠨ ᠵᠢᠷᠤᠮᠯᠠᠬᠤ ᠬᠡᠷᠡᠭᠲᠡᠢ ᠂
ᠬᠠᠶ᠋ᠢᠷ᠎ᠠ ᠰᠢᠨᠤᠯ ᠬᠡᠲᠦᠷᠡᠭᠡᠳ
ᠶᠣᠰᠣ ᠵᠢᠷᠤᠮ ᠠᠯᠳᠠᠪᠠᠯ ᠂
ᠬᠠᠮᠤᠭ ᠪᠡᠶ᠎ᠡ ᠶ᠋ᠢᠨ ᠪᠠᠭᠤᠷᠠᠯ ᠴᠤ᠌ ᠲᠡᠭᠦᠨ ᠡᠴᠡ ᠡᠭᠦᠰᠦᠮᠦᠢ ᠃
ᠬᠡᠪᠯᠡᠯ ᠦᠭᠡᠢ ᠡᠶ᠎ᠡ ᠨᠠᠶ᠋ᠢᠷᠠᠯ ᠶᠣᠰᠣ ᠵᠢᠷᠤᠮ ᠡᠪᠳᠡᠮᠦᠢ
᠂
ᠬᠡᠮᠨᠡᠯ ᠦᠭᠡᠢ
ᠲᠠᠴᠢᠶᠠᠩᠭᠤᠢ ᠪᠡᠶ᠎ᠡ ᠶᠠᠰᠤ ᠡᠪᠳᠡᠮᠦᠢ ᠂
ᠬᠡᠷᠡᠭ ᠦᠭᠡᠢ ᠰᠢᠨᠤᠯ
ᠳᠤᠷ᠎ᠠ ᠨᠡᠷ᠎ᠡ ᠠᠯᠳᠠᠷ ᠪᠠᠷᠠᠮᠤᠢ ᠂
ᠭᠡᠭᠡ ᠦᠭᠡᠢ ᠨᠢᠭᠤᠷ ᠰᠡᠳᠬᠢᠯ ᠬᠥᠮᠦᠨ
ᠴᠢᠨᠠᠷ ᠳᠠᠭᠤᠰᠤᠮᠤᠢ᠃
ᠡᠷ᠎ᠡ ᠬᠥᠮᠦᠨ ᠡᠵᠡᠯᠡᠬᠦ
ᠶᠣᠰᠣ ᠤᠴᠢᠷ ᠪᠠᠶ᠋ᠢᠲᠠᠯ᠎ᠠ᠂
ᠡᠨᠡ ᠴᠠᠭ ᠲᠤᠷ ᠡᠵᠡᠯᠡᠭᠳᠡᠨ ᠠᠶᠤᠮᠰᠢᠭ ᠣᠯᠠᠨ ᠪᠣᠢ ᠂
ᠡᠷᠬᠢᠮ ᠪᠡᠶ᠎ᠡ ᠶ᠋ᠢᠨ ᠬᠦᠰᠡᠯ ᠳ᠋ᠡᠭᠡᠨ ᠠᠪᠲᠠᠷᠠᠵᠤ ᠶᠠᠪᠤᠭᠴᠢ ᠂
ᠥᠮᠥᠳᠥ ᠪᠡᠨ ᠲᠣᠯᠣᠭᠠᠢ ᠳ᠋ᠠᠭᠠᠨ ᠡᠮᠦᠰᠦᠭᠰᠡᠨ ᠬᠡᠷᠡᠭ
ᠮᠥᠨ᠃
ᠤᠴᠠᠷᠠᠭᠰᠠᠨ ᠨᠥᠬᠥᠷ ᠯᠤᠭᠡ ᠡᠪᠲᠦ ᠵᠢᠷᠤᠮ
ᠪᠠᠶ᠋ᠢᠪᠠᠴᠤ ᠂
ᠤᠴᠢᠷ ᠰᠤᠩᠭᠤᠮᠵᠢᠯᠠᠨ ᠬᠢᠴᠢᠶᠡᠬᠦ ᠬᠡᠷᠡᠭᠲᠡᠢ
᠂
ᠤᠯᠠᠮ ᠢ᠋ᠶ᠋ᠠᠷ ᠮᠠᠲᠠᠯ ᠠᠪᠴᠤ ᠲᠤᠰᠠᠲᠠᠢ ᠰᠢᠭ᠋ ᠠᠭᠰᠠᠭᠠᠷ ᠂
ᠣᠯᠭᠣᠮ ᠪᠣᠭᠣᠯ ᠮᠠᠲᠠᠯ ᠦᠭᠡᠢ ᠬᠥᠮᠦᠨ ᠦ᠌ ᠡᠯᠡᠭ ᠪᠣᠯᠤᠮᠤᠢ᠃
ᠠᠪᠤ ᠡᠵᠢ ᠡᠷᠬᠢᠮ
ᠪᠣᠯᠤᠭᠠᠳ ᠭᠡᠷ ᠤᠨ ᠡᠵᠡᠨ ᠭᠡᠬᠦᠯ᠎ᠡ ᠂
ᠠᠰᠤᠷᠤ ᠮᠡᠷᠭᠡᠨ ᠪᠠᠲᠤ
ᠲᠦᠪᠰᠢᠨ ᠶᠠᠩᠵᠤᠲᠠᠢ ᠰᠢᠭ᠋ ᠠᠭᠰᠠᠭᠠᠷ ᠂
ᠠᠪᠢᠶᠠᠰ ᠤ᠋ᠨ ᠴᠢᠨᠳᠠᠭ᠎ᠠ ᠪᠠᠷ ᠳᠤᠭᠲᠤᠷᠤᠭᠲᠤᠨ ᠰᠥᠭᠥᠳᠴᠦ ᠂
ᠠᠶ᠋ᠢᠯ ᠤ᠋ᠨ ᠬᠥᠮᠦᠨ ᠦ᠌ ᠪᠣᠭᠣᠯ ᠪᠣᠯᠬᠤ ᠬᠠᠶ᠋ᠢᠷᠠᠨ ᠪᠡᠶ᠎ᠡ ᠪᠢᠰᠢ ᠦᠦ ?
ᠠᠮᠢᠯᠠᠭᠤᠯᠤᠭᠰᠠᠨ ᠨᠢ ᠄ ᠦᠯᠵᠡᠶ᠋ᠢᠪᠠᠭᠠᠲᠤᠷ
ᠬᠢᠨᠠᠭᠰᠠᠨ ᠨᠢ ᠄ ᠰᠡᠬᠡᠭᠡᠷᠡᠯ ᠂ ᠭᠠᠷᠮ᠎ᠠ
