ᠬᠢᠷᠠᠭᠤ ᠤᠨᠠᠨ᠎ᠠ – ᠭᠦᠷᠵᠠᠪ Хяруу унана – Гүржав
ᠬᠢᠷᠠᠭᠤ ᠤᠨᠠᠨ᠎ᠠ
ᠭᠦᠷᠵᠠᠪ
ᠬᠢᠷᠠᠭᠤ ᠤᠨᠠᠨ᠎ᠠ ᠂
ᠨᠠᠮᠤᠷ ᠦ᠋ᠨ
ᠬᠢᠷᠠᠭᠤ ᠤᠨᠠᠨ᠎ᠠ
ᠨᠠᠷᠠᠨ ᠪ ᠰᠢᠷᠭᠠᠯ
ᠭᠡᠷᠡᠯ ᠳᠠᠷᠤᠵᠤ
ᠨᠠᠪᠴᠢᠨ ᠪ ᠨᠣᠭᠣᠭᠠᠨ
ᠥᠩᠭᠡ ᠳᠠᠷᠤᠵᠤ
ᠨᠠᠭᠠᠲᠤᠮ ᠦ᠋ᠨ ᠣᠯᠠᠨ
ᠬᠡᠦᠬᠡᠳ ᠴᠡᠴᠡᠷᠡᠭᠦᠯᠵᠦ
ᠨᠠᠮᠤᠷ ᠦ᠋ᠨ
ᠬᠢᠷᠠᠭᠤ ᠤᠨᠠᠨ᠎ᠠ ᠃
ᠨᠡᠭᠦᠲᠡᠯ ᠦ᠋ᠨ ᠴᠤᠪᠤᠬ᠋ᠠ
ᠨᠤᠲᠤᠭ ᠦ᠋ᠨ ᠵᠠᠬ᠎ᠠ ᠳᠤ
ᠴᠠᠶ᠋ᠢᠷᠠᠵᠤ
ᠨᠢᠰᠬᠦ ᠭᠠᠯᠠᠭᠤᠨ
ᠠᠯᠤᠰ ᠦ᠋ᠨ ᠣᠭᠲᠠᠷᠭᠤᠢ ᠳᠤ
ᠵᠠᠮᠬᠠᠷᠠᠵᠤ
ᠬᠦᠢᠲᠡᠨ ᠰᠠᠯᠬᠢ
ᠬᠥᠨᠲᠡᠢ ᠶ᠋ᠢ ᠲᠦᠯᠬᠢᠨ
ᠨᠠᠭᠠᠰᠢᠯᠠᠨ᠎ᠠ
ᠬᠥᠩᠭᠡᠨ ᠴᠠᠰᠤ
ᠡᠭᠦᠯᠡ ᠶ᠋ᠢ ᠢᠷᠡᠨ
ᠢᠨᠢᠶᠡᠮᠰᠦᠭᠯᠡᠨ᠎ᠡ ᠃
ᠬᠦᠷᠴᠦ ᠢᠷᠡᠬᠦ ᠡᠪᠦᠯ
ᠬᠦᠷᠡᠯ ᠮᠥᠩᠭᠥᠨ ᠬᠤᠶᠠᠭ ᠶ᠋ᠢᠠᠨ
ᠬᠡᠲᠦᠷᠴᠦ
ᠬᠣᠯᠠ ᠶ᠋ᠢᠨ ᠴᠢᠮᠡᠭᠡ ᠴᠢᠩᠨᠠᠨ
ᠬᠣᠶᠠᠷ ᠬᠥᠯ ᠳᠡᠭᠡᠷ᠎ᠡ ᠪᠡᠨ ᠥᠨᠲᠡᠯᠵᠡᠨᠡ
ᠬᠦᠵᠢ ᠰᠠᠶ᠋ᠢᠬᠠᠨ ᠳᠡᠯᠡᠬᠡᠢ
ᠬᠥᠷᠥᠰᠥ — ᠳᠡᠪᠡᠯ ᠶ᠋ᠢᠡᠨ ᠪᠡᠬᠢᠯᠡᠵᠦ
ᠬᠥᠮᠦᠨ ᠪ ᠠᠯᠲᠠᠨ ᠬᠣᠷᠸ᠋᠎ᠠ ᠶ᠋ᠢ
ᠪᠦᠪᠡᠶ᠋ᠢᠯᠡᠵᠦ
ᠬᠥᠪᠴᠢ ᠶ᠋ᠢᠨ ᠥᠨᠲᠥᠷ ᠳᠠᠪᠠᠭᠠᠳ ᠊ᠢ
ᠡᠩᠬᠡᠬᠡᠨ ᠲᠤᠭᠤᠯᠬᠤ ᠪᠠᠷ ᠶᠠᠭᠠᠷᠠᠨ᠎ᠠ
ᠢᠷᠡᠯᠲᠡ ᠄
ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》 ᠭᠡᠳᠡᠭ ᠨᠣᠮ ᠠ᠋ᠴᠠ ᠬᠠᠭᠤᠯᠤᠨ ᠪᠢᠴᠢᠪᠡ ᠂
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠤ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠤ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠪᠠᠶᠠᠷᠴᠡᠴᠡᠭ
ᠬᠢᠨᠠᠭᠴᠢ ᠄ ᠪᠠᠶᠠᠷᠴᠡᠴᠡᠭ
20230325
