ᠬᠣᠷᠸ᠋᠎ᠠ ᠴᠠᠰᠤᠨ ᠳᠤ ᠬᠤᠴᠢᠬᠲᠠᠴᠢᠬᠠᠯ᠎ᠠ – ᠭᠦᠷᠵᠠᠪ Хорвоо цасанд хучихдчихлаа – Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠷᠸ᠋᠎ᠠ ᠴᠠᠰᠤᠨ ᠳᠤ ᠬᠤᠴᠢᠬᠲᠠᠴᠢᠬᠠᠯ᠎ᠠ – ᠭᠦᠷᠵᠠᠪ Хорвоо цасанд хучихдчихлаа – Гүржав

ᠬᠣᠷᠸ᠋᠎ᠠ ᠴᠠᠰᠤᠨ ᠳᠤ ᠬᠤᠴᠢᠬᠲᠠᠴᠢᠬᠠᠯ᠎ᠠ – ᠭᠦᠷᠵᠠᠪ Хорвоо цасанд хучихдчихлаа – Гүржав

2023-03-29

302

ᠬᠣᠷᠸ᠋᠎ᠠ ᠴᠠᠰᠤᠨ ᠳᠤ ᠬᠤᠴᠢᠬᠲᠠᠴᠢᠬᠠᠯ᠎ᠠ


            — ᠴᠠᠰᠤ  ᠣᠷᠣᠭᠰᠠᠨ ᠠᠩᠬᠠᠨ ᠪ ᠡᠲᠦᠷ  

                  ᠭᠦᠷᠵᠠᠪ   

 ᠬᠣᠷᠸ᠋᠎ᠠ ᠂ ᠴᠠᠰᠤᠨ  ᠳᠤ ᠬᠤᠴᠢᠬᠲᠠᠴᠢᠬᠠᠯ᠎ᠠ  
 ᠬᠣᠯᠠ ᠶ᠋ᠢᠨ ᠬᠣᠯᠠᠬᠢ ᠠᠭᠤᠯᠠᠰ  
 ᠬᠣᠩᠭᠣᠷ ᠰᠢᠷᠭᠠᠯ ᠬᠦᠷᠮ᠎ᠡ ᠪᠡᠨ ᠲᠠᠶ᠋ᠢᠯᠵᠤ  
 ᠬᠤᠶ᠋ᠢᠯᠠᠷᠠᠯᠲᠤᠨ ᠬᠡᠶ᠋ᠢᠰᠦᠯᠲᠦᠬᠦ ᠨᠠᠪᠴᠢᠰ  
 ᠬᠣᠷᠣᠮᠬᠠᠨ ᠵᠠᠭᠤᠷ᠎ᠠ ᠵᠢᠯᠣᠭᠣ ᠪᠠᠨ ᠲᠠᠲᠠᠵᠤ  
 ᠬᠣᠷᠣᠭᠠᠨ ᠪ ᠡᠭᠦᠲᠡᠨ  ᠳᠤ ᠬᠡᠪᠲᠡᠴᠢᠬᠡᠯ᠎ᠡ
 ᠬᠣᠷᠸ᠋᠎ᠠ ᠂ ᠴᠠᠰᠤᠨ ᠳᠤ ᠬᠤᠴᠢᠬᠲᠠᠴᠢᠬᠠᠯ᠎ᠠ
 ᠲᠠᠯ᠎ᠠ ᠶ᠋ᠢᠨ ᠲᠡᠷᠲᠡᠭᠡᠬᠢ ᠠᠶ᠋ᠢᠯ
 ᠲᠠᠷᠭᠤᠨ ᠵᠢᠰᠦᠯᠢᠭ ᠰᠦᠷᠦᠭ ᠶ᠋ᠢᠡᠨ ᠬᠡᠯᠢᠵᠦ
 ᠲᠠᠩᠰᠤᠭ ᠳᠤᠯᠠᠭᠠᠨ ᠡᠪᠦᠯᠵᠢᠶᠡᠨ ᠳ᠋ᠡᠭᠡᠨ ᠪᠤᠴᠠᠴᠢᠬᠠᠯ᠎ᠠ
 ᠰᠢᠯᠢ ᠶ᠋ᠢᠨ ᠴᠠᠭᠠᠨᠠᠬᠢ ᠲᠡᠷᠡᠰᠦ
 ᠰᠢᠵᠢᠷ ᠠᠯᠲᠠᠨ ᠲᠤᠯᠬᠢᠶ᠎ᠡ ᠪᠡᠨ ᠬᠤᠷᠢᠶᠠᠵᠤ
 ᠰᠢᠯ ᠪᠤᠯᠤᠷ — ᠰᠡᠯᠡᠮ᠎ᠡ ᠵᠡᠭᠦᠴᠢᠬᠡᠯ᠎ᠡ
 ᠬᠣᠷᠸ᠋᠎ᠠ ᠂ ᠴᠠᠰᠤᠨ  ᠳᠤ ᠬᠤᠴᠢᠬᠲᠠᠴᠢᠬᠠᠯ᠎ᠡ
 ᠬᠣᠨᠣᠭ ᠦ᠋ᠨ ᠭᠠᠵᠠᠷ ᠠ᠋ᠴᠠ
 ᠬᠣᠰᠢᠭᠤᠷᠠᠨ ᠲᠤᠯᠬᠢᠶᠠᠷᠠᠨ ᠬᠠᠷᠠᠭᠲᠠᠲᠠᠭ
 ᠬᠣᠭᠣᠯᠠᠢ ᠶ᠋ᠢᠨ ᠠᠭᠤᠵᠢᠮ ᠪᠡᠯᠴᠢᠭᠡᠷ ᠬᠤᠴᠢᠬᠲᠠᠴᠢᠬᠠᠯ᠎ᠠ
 ᠬᠣᠨᠢᠨ ᠪ ᠬᠡᠤᠭᠡᠳ ᠦ᠋ᠳ
 ᠬᠤᠭᠤᠷᠤᠨᠲᠦ ᠪᠡᠨ ᠪᠠᠷᠢᠯᠲᠤᠵᠤ ᠂ ᠲᠣᠭᠯᠠᠲᠠᠭ
 ᠬᠤᠸᠠ ᠂ ᠲᠣᠯᠣᠭᠠᠢ ᠂ ᠮᠠᠩᠬ᠎ᠠ ᠴᠤ᠌ ᠬᠤᠴᠢᠬᠲᠠᠴᠢᠬᠠᠯ᠎ᠠ
 ᠬᠣᠷᠸ᠋᠎ᠠ ᠂ ᠴᠠᠰᠤᠨ  ᠳᠤ ᠬᠤᠴᠢᠬᠲᠠᠴᠢᠬᠠᠯ᠎ᠠ
 ᠤᠯᠠᠶ᠋ᠢᠵᠤ ᠪᠣᠯᠪᠠᠰᠤᠷᠠᠭᠰᠠᠨ ᠦᠷ᠎ᠡ ᠵᠢᠮᠢᠰ ᠦ᠋ᠳ
 ᠤᠷᠭᠤᠵᠤ ᠰᠣᠶᠣᠭᠠᠯᠠᠬᠤ
 ᠴᠠᠭ ᠶ᠋ᠢᠠᠨ ᠵᠡᠭᠦᠲᠦᠯᠡᠭᠡᠳ ᠁  ᠬᠤᠴᠢᠬᠲᠠᠴᠢᠬᠠᠯ᠎ᠠ
 ᠤᠨᠠᠵᠤ ᠲᠤᠰᠤᠭᠰᠠᠨ ᠤᠴᠢᠷ ᠂ ᠦᠢᠯᠡ ᠨᠤᠭᠦᠳ
 ᠤᠭ ᠦ᠋ᠨ ᠶᠠᠪᠤᠭᠰᠠᠨ
 ᠮᠥᠷ ᠶ᠋ᠢᠡᠨ ᠰᠢᠨᠵᠢᠭᠡᠳ ᠁
 ᠬᠤᠴᠢᠬᠲᠠᠴᠢᠬᠠᠯ᠎ᠠ
 ᠬᠣᠷᠸ᠋᠎ᠠ ᠂ ᠴᠠᠰᠤᠨ  ᠳᠤ ᠬᠤᠴᠢᠬᠲᠠᠴᠢᠬᠠᠯ᠎ᠠ

    ᠢᠷᠡᠯᠲᠡ ᠄ 
         ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠂
             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ
              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ

       ᠦᠰᠦᠭ ᠠᠮᠢᠯᠠᠭᠤᠯᠤᠭᠴᠢ ᠄   ᠳᠠᠰᠢᠮ᠎ᠠ
         ᠬᠢᠨᠠᠭᠴᠢ ᠄  ᠪᠠᠶᠠᠷᠴᠡᠴᠡᠭ
           2023 ᠣᠨ ᠪ3 ᠰᠠᠷ᠎ᠠ ᠶ᠋ᠢᠨ 25 ᠪ ᠡᠲᠦᠷ