ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –6 Монгол оньсгын түүвэр –Хоёрдугаар бүлэг–6
ᠬᠣᠶᠠᠳᠤᠭᠠᠷ ᠪᠦᠯᠦᠭ – ᠠᠷᠠᠳ ᠦ᠋ᠨ ᠠᠮᠠ ᠪᠠᠷ ᠵᠣᠬᠢᠶᠠᠭᠲᠠᠭᠰᠠᠨ ᠣᠨᠢᠰᠣᠬ᠋᠎ᠠ
ᠬᠤᠪᠴᠠᠯᠠᠵᠤ ᠡᠮᠦᠰᠬᠦ ᠶ᠋ᠢᠨ ᠵᠤᠶ᠋ᠢᠯ
ᠠᠶ᠋ᠢᠮᠠᠭ ᠵᠠᠶ᠋ᠢᠮᠠᠭ ᠲᠡᠮᠡᠭᠡᠨ ᠠᠮᠠ
ᠢᠵᠢᠷ ᠪᠢᠵᠢᠷ ᠢᠰᠢᠭᠡᠨ ᠠᠮᠠ
ᠠᠷᠢᠭᠤᠨ ᠰᠠᠶ᠋ᠢᠬᠠᠨ ᠮᠣᠷᠢᠨ ᠠᠮᠠ
ᠬᠣᠶᠠᠷ ᠰᠠᠶ᠋ᠢᠬᠠᠨ ᠬᠣᠨᠢᠨ ᠠᠮᠠ
( ᠮᠣᠩᠭᠣᠯ ᠳᠡᠪᠡᠯ )
ᠳᠡᠭᠡᠭ ᠳᠡᠭᠡᠷ᠎ᠡ
ᠲᠡᠭᠡ ᠤᠬᠤᠨ᠎ᠠ ᠬᠣᠶᠠᠷ ᠮᠥᠷᠭᠥᠯᠳᠦᠨᠡ
( ᠲᠣᠪᠴᠢ ᠰᠢᠯᠪᠢ )
ᠲᠠᠩᠭᠤᠳ ᠤᠨ ᠲᠠᠪᠤᠨ ᠰᠢᠷ᠎ᠠ ᠨᠣᠬᠠᠢ
ᠡᠳᠦᠷ ᠤᠶᠠᠭ᠎ᠠ ᠲᠠᠢ
ᠰᠥᠨᠢ ᠲᠠᠯᠪᠢᠭ᠎ᠠ ᠲᠠᠢ
( ᠲᠣᠪᠴᠢ ᠰᠢᠯᠪᠢ )
ᠥᠭᠡᠯᠡᠳ ᠤᠨ ᠬᠡᠦᠬᠡᠳ ᠥᠷᠯᠥᠭᠡ ᠪᠣᠰᠤᠭᠠᠳ ᠵᠣᠯᠭᠠᠨ᠎ᠠ
( ᠲᠣᠪᠴᠢ ᠰᠢᠯᠪᠢ )
ᠥᠯᠵᠡᠶ᠋ᠢᠲᠦ ᠶ᠋ᠢᠨ ᠬᠣᠨᠢ
ᠥᠷᠯᠥᠭᠡ ᠪᠣᠯᠭᠠᠨ ᠨᠡᠶ᠋ᠢᠯᠡᠳᠡᠭ
ᠦᠳᠡᠰᠢ ᠪᠣᠯᠭᠠᠨ ᠰᠠᠯᠳᠠᠭ
( ᠲᠣᠪᠴᠢ ᠰᠢᠯᠪᠢ )
ᠠᠩᠭᠠᠰ ᠭᠡᠪᠡᠯ
ᠪᠤᠯᠲᠠᠰ ᠭᠡᠨ᠎ᠡ
( ᠲᠣᠪᠴᠢᠯᠠᠬᠤ )
ᠬᠠ ᠦᠭᠡᠢ
ᠬᠠᠷᠠᠭᠴᠢ ᠭᠡᠭᠦᠦ
( ᠬᠠᠨᠵᠢᠶᠠᠷ )
ᠡᠳᠦᠷ ᠴᠢᠮᠥᠭᠡ ᠲᠠᠢ
ᠰᠥᠨᠢ ᠴᠢᠮᠥᠭᠡ ᠦᠭᠡᠢ
( ᠬᠠᠨᠴᠤᠢ )
ᠡᠳᠦᠷ ᠬᠣᠭᠣᠯᠠ ᠲᠠᠢ ᠬᠣᠶᠠᠷ ᠲᠤᠯᠤᠮ
ᠰᠥᠨᠢ ᠬᠣᠭᠣᠯᠠ ᠦᠭᠡᠢ ᠬᠣᠶᠠᠷ ᠲᠤᠯᠤᠮ
( ᠬᠠᠨᠴᠤᠢ )
ᠠᠭᠤᠯᠠᠨ ᠠᠷᠤ ᠳᠤ
ᠤᠯᠠᠭᠠᠨ ᠳᠠᠷᠴᠠᠭ
( ᠮᠠᠯᠠᠭᠠᠢ ᠶ᠋ᠢᠨ ᠪᠦᠴᠡ )
ᠥᠨᠳᠥᠷ ᠠᠭᠤᠯᠠ ᠶ᠋ᠢᠨ ᠣᠷᠣᠢ ᠳᠤ
ᠤᠯᠠᠭᠠᠨ ᠪᠢᠷᠠᠭᠤ ᠤᠶᠠᠭ᠎ᠠ ᠲᠠᠢ
( ᠮᠠᠯᠠᠭᠠᠢ ᠶ᠋ᠢᠨ ᠵᠠᠯᠠᠭ᠎ᠠ )
ᠠᠶ᠋ᠢᠯ ᠨᠢᠭᠡᠲᠡᠨ ᠤ ᠠᠮᠠ ᠨᠢ ᠨᠢᠭᠡ
ᠠᠮᠠ ᠨᠢᠭᠡᠲᠡᠨ ᠤ ᠬᠥᠯ ᠨᠢ ᠬᠣᠶᠠᠷ
( ᠥᠮᠥᠳᠥ )
ᠭᠤᠷᠭᠤᠤᠯᠳᠠᠢ ᠭᠤᠷᠪᠠᠨ ᠠᠮᠠ ᠲᠠᠢ
( ᠥᠮᠥᠳᠥ )
ᠪᠢᠴᠢᠬᠠᠨ ᠶᠠᠭᠤᠮ᠎ᠠ ᠭᠤᠷᠪᠠᠨ ᠠᠮᠠᠰᠠᠷ ᠲᠠᠢ
ᠪᠠᠶᠠᠨ ᠶᠠᠳᠠᠭᠤ ᠳᠤ ᠪᠦᠷ ᠬᠡᠷᠡᠭᠲᠡᠢ
ᠪᠠᠶ᠋ᠢᠯ᠎ᠠ ᠭᠡᠳ ᠪᠠᠶᠠᠨ ᠳᠤ ᠣᠷᠣᠬᠤ ᠦᠭᠡᠢ
ᠪᠠᠶ᠋ᠢᠬᠤ ᠦᠭᠡᠢ ᠪᠣᠯ ᠶᠠᠳᠠᠭᠤ ᠶ᠋ᠢᠨ ᠲᠤᠶ᠋ᠢᠯ
( ᠥᠮᠥᠳᠥ )
ᠭᠠᠭᠴᠠᠬᠠᠨ ᠰᠢᠭᠤᠳᠠᠢ ᠭᠤᠷᠪᠠᠨ ᠠᠮᠠᠰᠠᠷ ᠲᠠᠢ
( ᠥᠮᠥᠳᠥ )
ᠲᠣᠬᠣᠢ ᠴᠢᠨᠡᠭᠡᠨ ᠪᠡᠶ᠎ᠡ ᠲᠠᠢ
ᠲᠦᠷᠡᠢ ᠵᠤᠯᠤᠭ ᠤᠯᠠ ᠲᠠᠢ
( ᠭᠤᠲᠤᠯ )
ᠡᠳᠦᠷ ᠲᠡᠭᠡᠨ ᠮᠢᠬᠠᠨ ᠲᠤᠯᠤᠮ
ᠰᠥᠨᠢ ᠳ᠋ᠡᠭᠡᠨ ᠬᠣᠭᠣᠰᠣᠨ ᠲᠤᠯᠤᠮ
( ᠭᠤᠲᠤᠯ )
ᠵᠠᠯᠠᠭᠤ ᠳ᠋ᠠᠭᠠᠨ ᠵᠡᠭᠦᠭᠰᠡᠨ ᠴᠡᠴᠡᠭ ᠢ
ᠥᠲᠡᠯᠲᠡᠯ᠎ᠡ ᠪᠠᠨ ᠵᠡᠭᠦᠨ᠎ᠡ
ᠵᠠᠪᠠᠯ ᠬᠣᠶᠠᠭᠤᠯᠠ ᠠᠯᠪᠠ ᠬᠠᠰᠢᠨᠠ
ᠵᠠᠪᠠᠵᠢᠨ ᠦᠰᠦ ᠨᠢ ᠴᠠᠶ᠋ᠢᠭᠠᠳ ᠢᠷᠡᠭᠰᠡᠭᠡᠷ
ᠵᠠᠮ ᠤᠨ ᠬᠠᠵᠠᠭᠤ ᠳᠤ ᠭᠡᠭᠡᠭᠳᠡᠨ᠎ᠡ
( ᠭᠤᠲᠤᠯ )
ᠬᠥᠮᠦᠨ ᠬᠣᠨᠢ ᠮᠥᠷᠭᠥᠭᠡ
ᠬᠣᠨᠢ ᠦᠬᠡᠷ ᠮᠥᠷᠭᠥᠭᠡ
ᠦᠬᠡᠷ ᠭᠠᠵᠠᠷ ᠮᠥᠷᠭᠥᠭᠡ
( ᠬᠥᠯ ᠣᠶ᠋ᠢᠮᠣᠰᠤ ᠭᠤᠲᠤᠯ )
ᠬᠠᠷ᠎ᠠ ᠮᠣᠷᠢᠨ ᠦ ᠬᠠᠵᠠᠭᠠᠷ ᠨᠢ ᠨᠣᠭᠣᠭᠠᠨ
(ᠪᠤᠯᠢᠭᠠᠷᠢ ᠭᠤᠲᠤᠯ )
ᠤᠯᠠᠭᠠᠨ ᠲᠤᠭᠤᠯ ᠨᠣᠭᠣᠭᠠᠨ ᠨᠣᠭᠲᠣ ᠲᠠᠢ
( ᠭᠤᠲᠤᠯ )
ᠲᠥᠭᠡ ᠴᠢᠨᠡᠭᠡᠨ ᠪᠡᠶ᠎ᠡ ᠲᠠᠢ
ᠲᠦᠭ ᠲᠦᠮᠡᠨ ᠰᠢᠷᠬ᠎ᠠ ᠲᠠᠢ
( ᠭᠤᠲᠤᠯ ᠱᠠᠬᠠᠢ ᠶ᠋ᠢᠨ ᠤᠯᠠ )
ᠵᠠᠯᠠᠭᠤ ᠳ᠋ᠠᠭᠠᠨ ᠬᠠᠳᠬᠤᠭᠰᠠᠨ ᠴᠡᠴᠡᠭ ᠢ
ᠵᠠᠭᠠᠯ ᠪᠣᠯᠲᠠᠯ᠎ᠠ ᠬᠠᠯᠠᠬᠤ ᠦᠭᠡᠢ
ᠵᠠᠪᠠᠯ ᠬᠣᠶᠠᠭᠤᠯᠠ ᠪᠠᠶ᠋ᠢᠬᠤ ᠦᠭᠡᠢ ᠪᠣᠯ
ᠠᠯᠪᠠ ᠬᠠᠭᠠᠵᠤ ᠴᠢᠳᠠᠬᠤ ᠦᠭᠡᠢ
ᠵᠠᠭᠤᠨ ᠡᠳᠦᠷ ᠠᠪᠤᠭᠠᠢ ᠶ᠋ᠢ ᠳᠠᠭᠠᠪᠠᠴᠤ
ᠱᠠᠩ ᠦᠭᠡᠢ ᠳᠡᠭᠡᠷ᠎ᠡ ᠪᠠᠨ ᠬᠠᠯᠠ ᠲᠠᠢ
ᠵᠠᠳᠠᠷᠠᠵᠤ ᠬᠥᠭᠰᠢᠷᠡᠬᠦ ᠶ᠋ᠢᠨ ᠴᠠᠭ ᠲᠤ᠌
ᠵᠠᠮ ᠤᠨ ᠬᠠᠵᠠᠭᠤ ᠳᠤ ᠬᠠᠶᠠᠭᠳᠠᠨ᠎ᠠ
( ᠭᠤᠲᠤᠯ ᠱᠠᠬᠠᠢ )
ᠵᠢᠯᠭᠠᠨ ᠳᠣᠭᠤᠤᠷ ᠵᠢᠷᠠᠨ ᠨᠡᠭᠦᠳᠡᠯ
( ᠤᠯᠠ ᠶ᠋ᠢᠨ ᠰᠢᠷᠢᠭᠡᠰᠦ )
ᠠᠷᠪᠠ ᠳᠡᠭᠡᠷ᠎ᠡ ᠠᠷᠪᠠ ᠨᠡᠮᠡᠪᠡᠴᠦ ᠠᠷᠪᠠ
ᠠᠷᠪᠠ ᠠ᠋ᠴᠠ ᠠᠷᠪᠠ ᠬᠠᠰᠤᠪᠠᠴᠤ ᠠᠷᠪᠠ
( ᠪᠡᠭᠡᠯᠡᠢ )
ᠱᠠᠨᠳᠦ᠋ᠩ ᠭᠠᠵᠠᠷ ᠤᠨ ᠠᠬᠢᠷᠠ ᠬᠠᠷ᠎ᠠ ᠲᠠᠬᠢᠶ᠎ᠠ
ᠰᠢᠷᠣᠢ ᠢᠳᠡᠬᠦ ᠠ᠋ᠴᠠ ᠪᠢᠰᠢ ᠪᠤᠳᠠᠭ᠎ᠠ ᠢᠳᠡᠬᠦ ᠦᠭᠡᠢ
ᠲᠤᠩᠭᠠᠯᠠᠭ ᠡᠳᠦᠷ ᠭᠡᠷ ᠠ᠋ᠴᠠ ᠭᠠᠷᠬᠤ ᠦᠭᠡᠢ
ᠪᠣᠷᠣᠭᠠᠨ ᠲᠠᠢ ᠡᠳᠦᠷ ᠵᠦᠭᠡᠷ ᠰᠠᠭᠤᠬᠤ ᠦᠭᠡᠢ
( ᠤᠰᠤᠨ ᠱᠠᠬᠠᠢ )
ᠦᠰᠦᠭ ᠠᠮᠢᠯᠠᠭᠤᠯᠤᠭᠴᠢ ᠄ ᠬᠠᠷᠠᠨᠤᠳ · ᠲᠤᠶᠠᠭ᠎ᠠ ᠂ ᠬᠠᠳᠠᠴᠢ · ᠤᠷᠠᠨ᠎ᠠ
ᠬᠢᠨᠠᠭᠴᠢ ᠄ ᠮᠢᠩᠭᠠᠳ · ᠴᠢᠮᠡᠭ ᠂ ᠬᠠᠷᠠᠨᠤᠳ · ᠲᠤᠶᠠᠭ᠎ᠠ
