ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –5 Монгол оньсгын түүвэр –Хоёрдугаар бүлэг–5 ᠣᠨᠢᠰᠤᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –5 Монгол оньсгын түүвэр –Хоёрдугаар бүлэг–5

ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –5 Монгол оньсгын түүвэр –Хоёрдугаар бүлэг–5

ᠠᠩᠭᠢᠯᠠᠯ:ᠣᠨᠢᠰᠤᠭ᠎ᠠ
2023-03-29

1019

ᠬᠣᠶᠠᠳᠤᠭᠠᠷ ᠪᠦᠯᠦᠭ – ᠠᠷᠠᠳ ᠦ᠋ᠨ ᠠᠮᠠ ᠪᠠᠷ ᠵᠣᠬᠢᠶᠠᠭᠲᠠᠭᠰᠠᠨ ᠣᠨᠢᠰᠣᠬ᠋᠎ᠠ

ᠬᠠᠷᠪᠤᠵᠤ ᠨᠠᠮᠨᠠᠬᠤ ᠶ᠋ᠢᠨ ᠵᠦᠢᠯ


 ᠵᠠᠭ ᠮᠣᠲᠣᠨ ᠪ ᠵᠠᠭᠠᠲᠠᠰᠤ
 ᠵᠠᠭᠠᠯ ᠬᠤᠯᠠ ᠶ᠋ᠢᠨ ᠰᠢᠨᠲᠠᠰᠤ
 ᠣᠢ ᠮᠣᠲᠣᠨ ᠪ ᠦᠨᠲᠦᠰᠦ
 ᠣᠯᠠᠨ ᠪᠤᠭᠤ ᠶ᠋ᠢᠨ ᠡᠪᠡᠷ
          ( ᠨᠤᠮᠤ ᠰᠤᠮᠤ )

 ᠡᠴᠡᠭᠰᠡᠨ ᠮᠣᠷᠢ ᠬᠠᠲᠠᠭᠰᠠᠨ ᠴᠢᠲᠥᠷ ᠲᠡᠢ
          ( ᠨᠤᠮᠤ ᠰᠤᠮᠤ )

 ᠬᠠᠷ᠎ᠠ ᠮᠣᠷᠢᠨ ᠪ ᠬᠥᠯ
 ᠬᠠᠱᠠᠩ ᠮᠣᠷᠢᠨ ᠪ ᠴᠢᠲᠥᠷ
         ( ᠨᠤᠮᠤ ᠰᠤᠮᠤ )

 ᠬᠥᠭᠰᠢᠨ ᠠᠪᠤ ᠨᠢ  ᠪᠥᠭᠳᠦᠷ ᠨᠢᠷᠤᠭᠤ ᠲᠠᠢ
 ᠬᠥᠭᠡᠷᠦᠦ ᠬᠦᠦ ᠨᠢ ᠨᠠᠮᠪᠠ  ᠰᠠᠬᠠᠯ ᠲᠠᠢ
         ( ᠨᠤᠮᠤ ᠰᠤᠮᠤ )

 ᠠᠩᠭᠠᠢ ᠲᠠᠩᠭᠠᠢ ᠮᠣᠲᠣ
 ᠠᠯᠠᠭ ᠪᠤᠭᠤ ᠶ᠋ᠢᠨ ᠡᠪᠡᠷ
 ᠲᠣᠵᠢᠩ ᠰᠠᠷᠠᠯ ᠦ᠋ᠨ ᠰᠢᠨᠲᠠᠰᠤ
 ᠲᠣᠭᠣᠭᠠᠨ  ᠳ᠋ᠦ᠍ ᠴᠢᠨᠠᠭᠰᠠᠨ ᠴᠠᠪᠠᠤ
          ( ᠨᠤᠮᠤ ᠰᠤᠮᠤ )

 ᠽᠠᠨᠲᠠᠨ ᠮᠣᠲᠣᠨ ᠪ ᠲᠠᠭᠠᠷᠢᠲᠠᠰᠤ
 ᠵᠢᠭᠠᠯ ᠪᠤᠭᠤ ᠶ᠋ᠢᠨ ᠰᠢᠨᠲᠠᠰᠤ
 ᠣᠢ ᠮᠣᠲᠣᠨ ᠪ  ᠲᠠᠭᠠᠷᠢᠲᠠᠰᠤ
 ᠥᠨᠥᠴᠢᠨ ᠪᠤᠭᠤ ᠶ᠋ᠢᠨ ᠰᠢᠨᠲᠠᠰᠤ
         ( ᠨᠤᠮᠤ ᠰᠤᠮᠤ )

 ᠠᠮᠠᠨ ᠳ᠋ᠠᠭᠠᠨ ᠢᠷᠲᠦ ᠮᠡᠰᠡ ᠵᠠᠭᠤᠵᠤ
 ᠠᠷᠤ ᠳ᠋ᠠᠭᠠᠨ ᠵᠢᠭᠦᠷ  ᠥᠲᠥ ᠵᠡᠭᠦᠭᠡᠳ
 ᠴᠦᠷᠲᠡᠭᠡᠷ ᠭᠡᠲᠡᠰᠦ ᠪᠡᠨ
 ᠴᠢᠨᠡᠭᠡ ᠮᠡᠲᠡᠨ  ᠭᠡᠳᠡᠢᠯᠭᠡᠮᠡᠭᠴᠡ
 ᠠᠯᠲᠠᠨ ᠭᠤᠷᠭᠤᠤᠯᠲᠠᠢ ᠨᠢᠰᠦᠨ ᠤᠤᠠᠪᠠ
         ( ᠨᠤᠮᠤ ᠰᠤᠮᠤ )

 ᠠᠬᠤᠷ  ᠡᠭᠦᠷᠦᠭᠰᠡᠨ ᠬᠥᠮᠦᠨ
 ᠲᠡᠮᠦᠷ  ᠡᠭᠦᠷᠦᠭᠰᠡᠨ ᠬᠥᠮᠦᠨ ᠊ᠢ
 ᠬᠥᠭᠡᠭᠡᠵᠦ ᠭᠦᠢᠴᠡᠬᠦ ᠦᠭᠡᠢ
         ( ᠥᠲᠥᠨ ᠰᠤᠮᠤ )

 ᠠᠯᠲᠠ ᠬᠢᠷᠢᠲᠡᠢ ᠪᠡᠶ᠎ᠡ ᠲᠡᠢ
 ᠠᠷᠰᠯᠠᠨ ᠪ ᠳᠠᠭᠤ ᠲᠠᠢ
         (  ᠫᠤᠤ )

 ᠳᠥᠷᠪᠡᠯᠵᠢᠨ ᠳᠡᠭᠡᠷ᠎ᠡ ᠲᠦᠷᠲᠡᠶ᠋ᠢᠵᠦ
 ᠳᠥᠷᠪᠡᠨ ᠬᠥᠯ ᠨᠢ  ᠴᠥᠷᠴᠢᠢᠵᠦ
 ᠬᠠᠲᠠᠨ ᠳᠡᠭᠡᠷ᠎ᠡ ᠬᠠᠷᠴᠠᠶ᠋ᠢᠵᠤ
 ᠬᠠ ᠭᠤᠶ᠎ᠠ ᠨᠢ  ᠴᠦᠷᠴᠢᠢᠵᠦ
 ᠬᠣᠷᠣᠨ ᠳᠠᠭᠤ ᠲᠠᠢ
 ᠬᠣᠷᠭᠣᠯ ᠦ᠋ᠨ ᠪᠠᠭᠠᠰᠤ ᠲᠠᠢ
         ( ᠫᠤᠤ )

 ᠭᠠᠪᠰᠢᠭᠠᠢ ᠴᠢᠲᠠᠮᠠᠭᠠᠢ ᠬᠦᠦ ᠲᠡᠢ
 ᠭᠠᠯ ᠰᠠᠯᠬᠢᠨ ᠬᠥᠯᠥᠭ ᠲᠡᠢ
         ( ᠫᠤᠤ ᠂ ᠰᠤᠮᠤ )

 ᠭᠡᠯᠲᠡᠬᠡᠢ ᠰᠡᠭᠦᠵᠢ ᠪᠡᠷ ᠨᠤᠲᠤᠭ ᠲᠠᠢ
 ᠭᠡᠰᠡᠭ ᠪᠠᠷᠠᠭᠠᠨ ᠠᠲᠤᠭᠤ ᠲᠠᠢ
 ᠵᠠᠷᠤᠭᠲᠠᠬᠤ ᠰᠠᠶ᠋ᠢᠬᠠᠨ ᠳᠡᠭᠦᠦ ᠲᠡᠢ
 ᠵᠠᠩᠲᠤᠷᠬᠤ ᠰᠠᠶ᠋ᠢᠬᠠᠨ ᠠᠬ᠎ᠠ ᠲᠠᠢ
         ( ᠫᠤᠤ )

 ᠠᠪᠤᠷᠭᠤ ᠪᠡᠶ᠎ᠡ ᠲᠡᠢ
 ᠠᠷᠰᠯᠠᠨ ᠪ ᠳᠠᠭᠤ ᠲᠠᠢ
 ᠬᠣᠶᠠᠷ ᠬᠥᠯ ᠲᠡᠢ
 ᠬᠣᠷᠭᠣᠯ ᠦ᠋ᠨ ᠪᠠᠭᠠᠰᠤ ᠲᠠᠢ
        ( ᠰᠢᠭᠢᠷᠡᠲᠦ ᠫᠤᠤ )

 ᠯᠣᠭ ᠯᠣᠭ ᠳᠠᠭᠤ ᠲᠠᠢ
 ᠯᠣᠭ ᠰᠣᠶᠣᠭᠠᠨ ᠪᠡᠶ᠎ᠡ ᠲᠡᠢ
 ᠬᠣᠭᠣᠯᠠᠢ ᠳ᠋ᠠᠭᠠᠨ ᠬᠣᠷᠭᠣᠯ 
 ᠬᠣᠶᠠᠷ ᠬᠥᠯ ᠳ᠋ᠡᠭᠡᠨ ᠬᠢᠮᠤᠰᠤ ᠲᠠᠢ
         ( ᠫᠤᠤ )

 ᠨᠠᠷᠢᠨ ᠭᠣᠣᠯ  ᠳ᠋ᠦ᠍
 ᠨᠠᠷᠠ ᠲᠤᠰᠬᠤ ᠦᠭᠡᠢ
 ᠶᠡᠬᠡ ᠭᠣᠣᠯ  ᠳ᠋ᠦ᠍
 ᠤᠰᠤ ᠤᠷᠤᠰᠬᠤ ᠦᠭᠡᠢ
         ( ᠫᠤᠤ ᠶ᠋ᠢᠨ ᠭᠤᠤᠷᠰᠤ )

 ᠵᠠᠭᠤᠨ ᠬᠠᠷ᠎ᠠ ᠢᠮᠠᠬ᠋᠎ᠠ ᠲᠠᠢ
 ᠵᠠᠭᠤᠲᠠᠭ ᠬᠥᠬᠡ ᠨᠣᠬᠠᠢ ᠲᠠᠢ
         ( ᠫᠤᠤ ᠶ᠋ᠢᠨ ᠰᠤᠮᠤ )

 ᠲᠠᠴᠢᠭᠢᠨᠠᠵᠤ ᠳᠤᠤᠭᠠᠷᠬᠤ ᠨᠢ ᠠᠶᠤᠯ ᠲᠠᠢ
 ᠳᠠᠪᠬᠢᠭᠠᠳ ᠭᠠᠷᠬᠤ ᠨᠢ ᠡᠮᠢᠶᠡᠯᠲᠡᠢ
 ᠳᠠᠭᠠᠷᠢᠵᠤ ᠣᠷᠣᠬᠤ ᠨᠦᠬᠡ ᠲᠡᠢ
 ᠳᠠᠯᠠᠶ᠋ᠢᠵᠤ ᠣᠤᠠᠬᠤ ᠵᠠᠮ ᠲᠠᠢ
 ᠲᠠᠨᠢᠵᠤ ᠤᠴᠠᠷᠠᠪᠠᠯ
 ᠲᠠᠮᠲᠤᠭ ᠪᠣᠯᠭᠠᠴᠢᠬᠤ ᠵᠠᠩ ᠲᠠᠢ
         ( ᠫᠤᠤ ᠶ᠋ᠢᠨ ᠰᠤᠮᠤ )

 ᠪᠥᠭᠡᠷᠡᠩᠬᠡᠢ ᠬᠦᠦ
 ᠮᠣᠷᠢᠨ ᠠ᠋ᠴᠠ ᠬᠤᠷᠲᠤᠨ
 ᠪᠥᠭᠡᠷ᠎ᠡ ᠴᠣᠬᠢᠪᠠᠯ
 ᠶᠠᠭᠤᠨ ᠠ᠋ᠴᠠ ᠴᠤ᠌ ᠬᠤᠷᠲᠤᠨ
         ( ᠫᠤᠤ ᠶ᠋ᠢᠨ ᠰᠤᠮᠤ )

 ᠬᠥᠨᠲᠡᠢ ᠳᠣᠲᠣᠷ᠎ᠠ
 ᠪᠦᠨᠲᠡᠢ ᠴᠢᠤᠠᠬᠥᠷ
         ( ᠫᠤᠤ ᠶ᠋ᠢᠨ ᠰᠤᠮᠤ)

 ᠬᠤᠤᠲᠤᠭ ᠳᠣᠲᠣᠷ᠎ᠠ
 ᠬᠣᠪ ᠴᠢᠤᠠᠬᠥᠷ
        ( ᠫᠤᠤ ᠶ᠋ᠢᠨ ᠰᠤᠮᠤ)

 ᠰᠢᠭᠤᠲᠠᠢ ᠳᠣᠲᠣᠷ᠎ᠠ
 ᠰᠢᠨᠤᠬᠠᠢ ᠬᠤᠯᠠᠭᠠᠢ
        ( ᠫᠤᠤ ᠶ᠋ᠢᠨ ᠰᠤᠮᠤ)

 ᠭᠠᠩ ᠷᠢᠯᠦ ᠶ᠋ᠢ ᠢᠲᠡᠵᠦ ᠪᠣᠯᠬᠤ ᠦᠭᠡᠢ
 ᠭᠠᠯᠵᠠᠭᠤ ᠪᠠᠷᠰ ᠊ᠢ ᠤᠨᠤᠵᠤ ᠪᠣᠯᠬᠤ ᠦᠭᠡᠢ
        ( ᠫᠤᠤ ᠶ᠋ᠢᠨ ᠰᠤᠮᠤ)

 ᠲᠡᠷᠲᠡᠭᠡ ᠴᠠᠭᠠᠨ᠎ᠠ ᠲᠡᠮᠡᠭᠡ ᠪᠣᠶ᠋ᠢᠯᠠᠨ᠎ᠠ
 ᠲᠡᠨᠲᠡᠬᠢ ᠬᠣᠲᠠᠨ ᠠ᠋ᠴᠠ ᠤᠲᠤᠬ᠋᠎ᠠ ᠪᠠᠭᠠᠬᠢᠨ᠎ᠠ
        ( ᠫᠤᠤᠲᠠᠬᠤ)

 ᠭᠠᠷ ᠲᠦ ᠭᠠᠯ ᠭᠠᠷᠬᠤ  ᠳᠤ
 ᠭᠠᠲᠠᠰ ( ᠠᠯᠤᠰ )  ᠲᠤ  ᠭᠠᠢ ᠭᠠᠷᠤᠨ᠎ᠠ
        ( ᠫᠤᠤᠲᠠᠬᠤ)

 ᠲᠡᠷᠡ ᠭᠠᠵᠠᠷ
 ᠲᠡᠮᠡᠭᠡ ᠲᠦᠢᠯᠦᠨ᠎ᠠ
 ᠲᠦᠮᠡᠳ ᠦ᠋ᠨ ᠭᠠᠵᠠᠷ
 ᠲᠣᠭᠣᠰᠣ ᠪᠤᠲᠠᠷᠠᠨ᠎ᠠ
       ( ᠫᠤᠤᠲᠠᠬᠤ)

 ᠪᠤᠲᠠᠨ ᠳᠡᠭᠡᠷ᠎ᠡ ᠪᠤᠷ ᠬᠢᠨ᠎ᠡ
 ᠪᠦᠢᠲᠠ ᠲᠠᠯ᠎ᠠ ᠪᠠᠷ ᠬᠢᠨ᠎ᠡ 
 ᠬᠠᠲᠠᠨ ᠳᠡᠭᠡᠷ᠎ᠡ ᠬᠠᠩᠬᠢᠷ ᠬᠢᠨ᠎ᠡ
 ᠬᠠᠮᠤᠭ  ᠲᠡᠭᠷᠢ ᠨᠢᠷ ᠬᠢᠨ᠎ᠡ
       ( ᠫᠤᠤᠲᠠᠬᠤ)

 ᠠᠲᠠᠨ ᠲᠡᠮᠡᠭᠡ ᠠᠩᠭᠠᠰᠬᠢᠵᠦ
 ᠠᠯᠤᠰ ᠦ᠋ᠨ ᠭᠠᠵᠠᠷ ᠬᠢᠯᠠᠰᠬᠢᠨ᠎ᠡ
       ( ᠫᠤᠤᠲᠠᠬᠤ)

 ᠪᠠᠷᠠᠭᠤᠨ ᠭᠠᠵᠠᠷ ᠪᠠᠷᠰ ᠬᠦᠷᠬᠢᠷᠡᠬᠦ
 ᠪᠠᠶᠠᠨ ᠵᠢᠷᠦᠬᠡᠨ  ᠳ᠋ᠦ᠍ ᠨᠣᠬᠠᠢ ᠬᠤᠴᠠᠬᠤ
 ᠲᠡᠮᠦᠷ ᠦ᠋ᠨ ᠬᠥᠨᠲᠡᠢ  ᠳ᠋ᠦ᠍ ᠲᠦᠢᠮᠡᠷ ᠰᠢᠲᠠᠬᠤ
 ᠲᠦᠨᠲᠦᠭᠡᠷ ᠡᠯᠡᠰᠦ ᠪᠡᠷ ᠪᠠᠭᠠᠰᠤ ᠠᠯᠲᠠᠬᠤ
        ( ᠫᠤᠤᠲᠠᠬᠤ)

 ᠪᠣᠷᠣᠭᠠᠨ ᠦᠭᠡᠢ ᠮᠠᠨᠠᠨ
 ᠪᠣᠯᠵᠣᠬ᠋᠎ᠠ ᠦᠭᠡᠢ ᠦᠬᠦᠯ
       ( ᠫᠤᠤᠲᠠᠬᠤ)

 ᠪᠣᠷᠣ ᠮᠣᠷᠢ ᠪᠣᠷ ᠬᠢᠨ᠎ᠡ
 ᠪᠤᠷᠬᠠᠨ ᠲᠩᠷᠢ ᠳᠡᠷ ᠬᠢᠨ᠎ᠡ
       ( ᠫᠤᠤ ᠳᠤᠤᠭᠠᠷᠬᠤ)

 ᠭᠠᠨᠴᠠ( ᠭᠠᠭᠴᠠ) ᠮᠣᠲᠣᠨ
 ᠭᠠᠯ ᠠᠪᠬᠤ  ᠳ᠋ᠦ᠍
 ᠭᠠᠲᠠᠰ( ᠠᠯᠤᠰ) ᠦ᠋ᠨ ᠠᠮᠢᠲᠠᠨ
 ᠭᠠᠯᠠᠪ( ᠭᠠᠢ) ᠪᠣᠯᠤᠨ᠎ᠠ
       ( ᠭᠠᠯ ᠫᠤᠤ ᠬᠠᠷᠪᠤᠬᠤ)

 ᠲᠡᠮᠦᠷᠴᠢ ᠶ᠋ᠢᠨ ᠬᠦᠦ
 ᠣᠲᠣᠴᠢ ᠲᠠᠢ ᠬᠣᠣᠰᠯᠠᠵᠤ
 ᠮᠤᠷᠤᠢ ᠪᠡᠶ᠎ᠡ ᠬᠤᠪᠢᠯᠤᠭᠠᠳ
 ᠮᠥᠩᠭᠥ ᠪᠡᠷ ᠪᠥᠭᠡᠯᠵᠢᠵᠦ
 ᠮᠦᠰᠢᠶᠡᠨ ᠢᠨᠢᠶᠡᠪᠡᠯ
 ᠣᠯᠠᠨ ᠊ᠢ ᠰᠣᠴᠢᠭᠠᠨ᠎ᠠ
        ( ᠫᠤᠤ  ᠳᠤᠤᠭᠠᠷᠬᠤ)

 ᠱᠠᠭᠠᠵᠠᠭᠠᠢ ᠱᠠᠭ ᠭᠡᠵᠦ
 ᠰᠢᠷ᠎ᠠ ᠮᠣᠲᠣ ᠯᠣᠭ ᠬᠢᠨ᠎ᠡ
       ( ᠫᠤᠤ  ᠳᠤᠤᠭᠠᠷᠬᠤ)

 ᠭᠦᠨ ᠬᠤᠤᠠᠲᠤᠭ ᠲᠤ ᠤᠰᠤ ᠦᠭᠡᠢ ᠬᠠᠭᠤᠷᠠᠢ
 ᠭᠦᠶᠦᠳᠡᠭ ᠮᠣᠷᠢᠨ ᠳᠤ ᠬᠥᠯᠥᠰᠥ ᠦᠭᠡᠢ ᠬᠠᠭᠤᠷᠠᠢ
         ( ᠫᠤᠤ ᠰᠤᠮᠤ)

 ᠥᠷᠥᠭᠡᠰᠦᠨ ᠨᠢᠲᠦ ᠨᠢ ᠰᠣᠬᠣᠷ
 ᠥᠭᠡᠬᠦᠨ ᠡᠪᠦᠳᠦᠭ ᠨᠢ ᠮᠤᠬᠤᠷ
 ᠲᠠᠯ᠎ᠠ ᠭᠠᠷ ᠨᠢ  ᠲᠠᠬᠢᠷ
 ᠳᠠᠭᠤᠨ ᠴᠢᠮᠡᠭᠡ ᠨᠢ ᠥᠨᠲᠥᠷ
 ᠠᠭᠠᠰᠢ ᠵᠠᠩ ᠨᠢ ᠲᠣᠭᠰᠢᠨ
 ᠠᠯᠠᠵᠤ ᠨᠢᠲᠤᠯᠬᠤ ᠨᠢ ᠮᠡᠷᠭᠡᠨ
 ᠭ᠌ᠱᠠᠨ ᠵᠠᠭᠤᠷ᠎ᠠ ᠶ᠋ᠢᠨ ᠬᠣᠭᠣᠷᠣᠨᠲᠣ
 ᠠᠮᠠᠯᠠᠭᠰᠠᠨ ᠶ᠋ᠢᠠᠨ ᠳᠠᠷᠤᠵᠤ ᠤᠨᠠᠭᠠᠨ᠎ᠠ
        ( ᠫᠤᠤ ᠪᠠᠷ ᠠᠩᠨᠠᠬᠤ)

 ᠲᠣᠭᠣᠲᠠᠭ ᠲᠣᠩᠭᠣᠰᠬᠢᠵᠦ
 ᠲᠠᠤᠯᠠᠢ ᠭᠦᠯᠢᠢᠰᠭᠢᠵᠦ
 ᠪᠤᠭᠤᠲᠠᠢ ᠪᠤᠲᠠᠷᠠᠰᠬᠢᠬᠦ
 ᠪᠤᠷᠬᠠᠨ ᠲᠩᠷᠢ ᠨᠢᠷᠭᠢᠰᠭᠢᠬᠦ
        ( ᠫᠤᠤᠲᠠᠬᠤ)

 ᠬᠠᠭᠤᠷᠠᠢ ᠭᠣᠣᠯ ᠦ᠋ᠨ ᠪᠤᠷᠭᠠᠰᠤ
 ᠬᠤᠰᠤ ᠮᠣᠲᠣᠨ ᠪ ᠥᠭᠡᠲᠡᠰᠦ
 ᠽᠠᠨᠲᠠᠨ ᠮᠣᠲᠣᠨ ᠲᠡᠪᠬᠡ
 ᠡᠷᠡᠬᠡᠢ ᠬᠤᠷᠤᠭᠤᠨ ᠪ ᠡᠷᠴᠢ
 ᠨᠠᠨ ᠪᠦᠭᠦᠲᠡ ᠶ᠋ᠢᠨ ᠴᠢᠲᠠᠯ
       ( ᠰᠤᠷ ᠬᠠᠷᠪᠤᠬᠤ)

 ᠵᠠᠭᠤᠨ ᠬᠥᠬᠡ ᠢᠮᠠᠬ᠋᠎ᠠ
 ᠵᠠᠭᠤᠲᠠᠭ ᠬᠥᠬᠡ ᠨᠣᠬᠠᠢ
      ( ᠫᠤᠤ ᠶ᠋ᠢᠨ ᠲᠡᠭᠷᠢ ᠂ ᠫᠤᠤ ᠶ᠋ᠢᠨ ᠰᠤᠮᠤ)

 ᠭᠤᠨᠵᠢᠨ ᠦᠨᠢᠶ᠎ᠡ ᠮᠥᠭᠡᠷᠡᠭᠡᠳ ᠢᠷᠡᠯ᠎ᠡ
 ᠭᠤᠷᠪᠠᠨ ᠬᠡᠷᠢᠶ᠎ᠡ ᠳᠠᠭᠠᠭᠠᠳ ᠢᠷᠡᠯ᠎ᠡ
      ( ᠭᠣᠲᠣᠯᠢᠲᠤ ᠰᠤᠮᠤ)


   ᠦᠰᠦᠭ ᠠᠮᠢᠯᠠᠭᠤᠯᠤᠭᠴᠢ ᠄   ᠣᠶᠤᠨᠲᠤᠨᠠᠯ ᠂ ᠳ᠋ᠦ᠋ᠩ ᠹᠧᠩ ᠂ ᠮᠢᠩᠭᠠᠳ · ᠴᠢᠮᠡᠭ
       ᠬᠢᠨᠠᠭᠴᠢ ᠄  ᠬᠠᠷᠠᠨᠤᠳ · ᠲᠤᠶᠠᠭ᠎ᠠ ᠂  ᠮᠢᠩᠭᠠᠳ · ᠴᠢᠮᠡᠭ