ᠮᠣᠩᠭᠣᠯ ᠣᠨᠢᠰᠤᠭ᠎ᠠ ᠶᠢᠨ ᠲᠡᠭᠦᠪᠦᠷᠢ – ᠬᠣᠶᠠᠳᠤᠭᠠᠷ ᠪᠦᠯᠦᠭ –4 Монгол оньсгын түүвэр –Хоёрдугаар бүлэг–4
ᠬᠣᠶᠠᠳᠤᠭᠠᠷ ᠪᠦᠯᠦᠭ – ᠠᠷᠠᠳ ᠦ᠋ᠨ ᠠᠮᠠ ᠪᠠᠷ ᠵᠣᠬᠢᠶᠠᠭᠲᠠᠭᠰᠠᠨ ᠣᠨᠢᠰᠣᠬ᠋᠎ᠠ
ᠢᠳᠡᠵᠦ ᠤᠤᠭᠤᠬᠤ ᠳᠤ ᠬᠣᠯᠪᠣᠭᠳᠠᠬᠤ ᠵᠦᠢᠯ
ᠳᠡᠭᠡᠷ᠎ᠡ ᠪᠡᠨ ᠳᠠᠩ ᠰᠠᠷᠠᠯ
ᠳᠤᠮᠳᠠ ᠪᠠᠨ ᠳᠤᠩ ᠴᠠᠭᠠᠨ
ᠳᠣᠣᠷ᠎ᠠ ᠪᠠᠨ ᠠᠵᠡᠢ ᠪᠤᠭᠤᠷᠤᠯ
( ᠬᠥᠭᠡᠷᠦᠭᠦᠯᠦᠭᠰᠡᠨ ᠰᠦ᠋ )
ᠴᠠᠭᠠᠨ ᠦᠬᠡᠷ
ᠴᠠᠭᠠᠰᠤᠨ ᠨᠡᠮᠨᠡᠭᠡ ᠲᠡᠢ
(ᠰᠦ᠋ ᠥᠷᠦᠮ᠎ᠡ )
ᠳᠡᠭᠡᠭᠦᠷ ᠨᠢ ᠳᠡᠷᠳᠡᠩ
ᠳᠣᠭᠤᠤᠷ ᠨᠢ ᠳᠣᠷᠳᠣᠩ
ᠳᠤᠮᠳᠠ ᠨᠢ ᠬᠡᠶ᠋ᠢᠪᠡᠩ
(ᠬᠥᠭᠡᠷᠦᠭᠦᠯᠦᠭᠰᠡᠨ ᠰᠦ᠋ )
ᠪᠠᠬ᠋᠎ᠠ ᠪᠣᠯᠪᠠᠯ ᠡᠮ
ᠪᠠᠬᠠᠨ ᠢᠲᠡᠪᠡᠯ ᠬᠣᠣᠷ
ᠲᠣᠭᠯᠠᠵᠤ ᠨᠠᠭᠠᠤᠠᠬᠤ ᠳ᠋ᠦ᠍ ᠵᠤᠬ᠋ᠠ
ᠲᠣᠮᠤᠬ᠋ᠠ ᠦᠭᠡᠢ ᠨᠥᠬᠦᠷᠯᠡᠪᠡᠯ ᠭᠠᠢ
(ᠠᠷᠢᠬᠢ )
ᠴᠠᠭᠠᠨ ᠭᠡᠭᠦᠦ ᠡᠴᠡ
ᠬᠠᠷ᠎ᠠ ᠤᠨᠠᠬ᠋᠎ᠠ ᠭᠠᠷᠤᠨ᠎ᠠ
ᠬᠠᠷ᠎ᠠ ᠤᠨᠠᠬ᠋᠎ᠠ ᠶ᠋ᠢ ᠤᠨᠤᠭᠰᠠᠨ ᠬᠥᠮᠦᠨ
ᠬᠠᠷᠢᠭᠤ ᠦᠭᠡᠢ ᠲᠡᠨᠡᠭ ᠪᠣᠯᠤᠨ᠎ᠠ
( ᠠᠷᠢᠬᠢ )
ᠠᠪᠤ ᠶ᠋ᠢᠨ ᠬᠦᠦ ᠶ᠋ᠢ
ᠠᠬ᠋ᠠ ᠶ᠋ᠢᠨ ᠬᠦᠦ ᠲᠠᠶ᠋ᠢᠯᠤᠨᠠ
( ᠠᠷᠢᠬᠢ )
ᠮᠠᠨᠵᠤ ᠶ᠋ᠢᠨ ᠭᠠᠵᠠᠷ ᠦ᠋ᠨ ᠬᠦᠮᠤᠨ
ᠮᠠᠯᠠᠭᠠᠢ ᠶ᠋ᠢ ᠨᠢ ᠠᠪᠤᠪᠠᠯ ᠣᠬᠢᠯᠠᠨᠠ
( ᠰᠢᠯ ᠲᠡᠢ ᠠᠷᠢᠬᠢ )
ᠠᠰᠢᠬ ᠦᠭᠡᠢ ᠠᠲᠠᠯ᠎ᠠ
ᠠᠮᠢᠲᠠᠨ ᠪᠦᠬᠦᠨ ᠊ᠢ ᠳᠤᠷᠠᠯᠠᠭᠤᠯᠳᠠᠭ
ᠬᠡᠯᠡ ᠦᠭᠡᠢ ᠠᠲᠠᠯ᠎ᠠ
ᠬᠡᠨ ᠪᠦᠬᠦᠨ ᠊ᠢ ᠶᠠᠷᠢᠭᠤᠯᠲᠠᠭ
ᠬᠡᠢ ᠴᠢᠨᠠᠷ ᠦ᠋ᠨ ᠪᠡᠶ᠎ᠡ ᠲᠡᠢ
ᠭᠡᠷᠴᠡᠭᠡᠢ ᠪᠠᠯᠠᠮᠠᠳ ᠠᠪᠤᠷᠢ ᠲᠠᠢ
(ᠠᠷᠢᠬᠢ )
ᠲᠡᠮᠡᠭᠡ ᠲᠡᠮᠡᠭᠡ ᠲᠡᠰᠢᠭᠡᠳ ᠪᠠᠶ᠋ᠢᠲᠠᠭ
ᠲᠡᠷᠡ ᠠᠷᠤ ᠶ᠋ᠢ ᠪᠠᠷᠢᠭᠠᠳ ᠪᠠᠶ᠋ᠢᠲᠠᠭ
ᠬᠠᠪᠤᠷ ᠨᠠᠮᠤᠷ ᠊ᠢ ᠮᠡᠲᠡᠭᠡᠳ ᠪᠠᠶ᠋ᠢᠲᠠᠭ
ᠬᠠᠵᠠᠭᠤ ᠶ᠋ᠢᠨ ᠬᠤᠤᠠᠲᠤᠭ ᠤᠷᠤᠭᠤ ᠭᠦᠶᠦᠭᠡᠳ ᠪᠠᠶ᠋ᠢᠲᠠᠭ
(ᠨᠡᠷᠡᠮᠡᠯ ᠠᠷᠢᠬᠢ )
ᠨᠢᠭᠡ ᠯᠣᠩᠬᠣᠨ ᠳ᠋ᠦ᠍
ᠬᠣᠶᠠᠷ ᠵᠦᠢᠯ ᠦ᠋ᠨ ᠳᠤᠰᠤ ᠬᠤᠷᠢᠶᠠᠨ᠎ᠠ
( ᠥᠨᠲᠡᠭᠡ )
ᠶᠠᠰᠤᠨ ᠳ᠋ᠦ᠍ ᠪᠣᠭᠤᠭᠰᠠᠨ
ᠭᠤᠷᠪᠠᠨ ᠵᠣᠭᠤᠰ ᠦ᠋ᠨ ᠮᠢᠬ᠎ᠠ
( ᠥᠨᠲᠡᠭᠡ )
ᠥ ᠦᠭᠡᠢ ᠬᠠᠰ ᠶ᠋ᠢᠠᠷ ᠪᠦᠲᠦᠭᠰᠡᠨ ᠮᠡᠲᠦ
ᠥᠩᠭᠡ ᠭᠠᠷᠲᠠᠯ᠎ᠠ ᠵᠦᠯᠭᠦᠭᠰᠡᠨ ᠮᠡᠲᠤ
ᠬᠤᠷ᠎ᠠ ᠶ᠋ᠢᠨ ᠤᠰᠤ ᠪᠠᠷ ᠤᠬᠢᠶᠠᠭᠰᠠᠨ ᠮᠡᠲᠤ
ᠬᠤᠷᠴᠠ ᠬᠢᠲᠤᠬ᠋ᠠ ᠪᠠᠷ ᠦᠭᠡᠯᠡᠭᠰᠡᠨ ᠮᠡᠲᠤ
( ᠥᠨᠲᠡᠭᠡ )
ᠲᠡᠭᠷᠢ ᠡᠴᠡ ᠤᠨᠠᠭᠰᠠᠨ ᠪᠠᠶ᠋ᠢᠲᠠᠯ ᠲᠠᠢ
ᠳᠡᠷᠡᠰᠤᠨ ᠢᠷᠣᠭᠠᠷ ᠬᠡᠪᠲᠡᠭᠰᠡᠨ ᠪᠠᠶ᠋ᠢᠲᠠᠯ ᠲᠠᠢ
ᠬᠤᠷᠴᠠ ᠬᠢᠲᠤᠬ᠋ᠠ ᠪᠠᠷ ᠵᠠᠰᠠᠭᠰᠠᠨ ᠪᠠᠶ᠋ᠢᠲᠠᠯ ᠲᠠᠢ
ᠬᠤᠷ᠎ᠠ ᠶ᠋ᠢᠨ ᠤᠰᠤᠨ ᠳ᠋ᠦ᠍ ᠤᠬᠢᠶᠠᠭᠰᠠᠨ ᠪᠠᠶ᠋ᠢᠲᠠᠯ ᠲᠠᠢ
( ᠥᠨᠲᠡᠭᠡ )
ᠲᠣᠭᠣᠨᠣ ᠦᠭᠡᠢ ᠭᠡᠷ ᠲᠤ
ᠲᠣᠯᠤᠭᠠᠢ ᠦᠭᠡᠢ ᠬᠡᠤᠬᠡᠳ
( ᠥᠨᠲᠡᠭᠡ )
ᠪᠥᠬᠥᠯᠢ ᠰᠠᠶ᠋ᠢᠬᠠᠨ ᠥ ᠦᠭᠡᠢ ᠬᠠᠰ
ᠪᠦᠷᠬᠦᠭ ᠭᠡᠭᠡᠨ ᠢᠯᠭᠠᠷᠠᠭᠠᠲᠤᠢ ᠴᠠᠭ
ᠪᠥᠲᠡᠭᠡᠵᠤ ᠬᠠᠲᠠᠭᠠᠯᠠᠬᠤ ᠬᠣᠷᠢᠨ ᠨᠢᠭᠡᠨ ᠬᠣᠨᠤᠭ
ᠪᠦᠲᠤᠨ ᠭᠠᠷᠪᠠᠯ ᠲᠠᠪᠤᠨ ᠡᠷᠲᠡᠮ ᠲᠡᠭᠦᠰ
( ᠥᠨᠲᠡᠭᠡ ᠪᠠ ᠴᠣᠷᠪᠠᠭᠠᠯᠠᠬᠤ )
ᠱᠥᠯᠦ ᠶ᠋ᠢ ᠨᠢ ᠤᠤᠭᠤᠭᠠᠳ
ᠮᠢᠬ᠎ᠠ ᠶ᠋ᠢ ᠨᠢ ᠢᠲᠡᠬᠦ ᠦᠭᠡᠢ
( ᠴᠠᠢ )
ᠪᠦᠲᠡᠬᠢ ᠴᠤ᠌ ᠪᠠᠶ᠋ᠢᠲᠠᠭ
ᠴᠠᠶ᠋ᠢᠷᠭᠤ ᠴᠤ᠌ ᠪᠠᠶ᠋ᠢᠲᠠᠭ
ᠪᠥᠬᠦ ᠠᠮᠢᠲᠠᠨ
ᠠᠮᠢᠲᠤᠷᠠᠯ ᠳ᠋ᠠᠭᠠᠨ ᠬᠡᠷᠡᠭᠯᠡᠳᠡᠭ
( ᠴᠠᠢ )
ᠡᠨᠡ ᠪᠡᠶᠡᠨ ᠪ ᠨᠢᠭᠡ
ᠡᠵᠡᠨ ᠬᠠᠭᠠᠨ ᠪ ᠨᠢᠭᠡ
ᠰᠦᠨ ᠳᠠᠯᠠᠢ ᠶ᠋ᠢᠨ ᠨᠢᠭᠡ
ᠰᠦᠮᠪᠤᠷ ᠠᠭᠤᠯᠠ ᠶ᠋ᠢᠨ ᠨᠢᠭᠡ
( ᠴᠠᠢ )
ᠭᠣᠪᠠᠷ ᠰᠢᠪᠠᠷ ᠮᠤᠲᠤᠨ ᠳ᠋ᠦ᠍
ᠭᠤᠴᠢᠨ ᠵᠢᠷᠭᠤᠭᠠᠨ ᠡᠷ᠎ᠡ
ᠡᠷ᠎ᠡ ᠪᠦᠷᠢ ᠨᠡᠷ᠎ᠡ ᠲᠡᠢ
ᠲᠡᠷᠡ ᠪᠦᠷᠢ ᠲᠡᠮᠲᠡᠭ ᠲᠡᠢ
( ᠬᠡᠪ ᠦ᠋ᠨ ᠴᠠᠢ )
ᠰᠦᠯᠵᠢᠮᠡᠯ ᠤᠭᠤᠲᠠᠨ ᠤ ᠳᠣᠲᠣᠷ᠎ᠠ
ᠰᠦᠷᠦᠭ ᠢᠶ᠋ᠡᠷ ᠢᠶ᠋ᠡᠨ ᠨᠡᠶ᠋ᠢᠯᠡᠵᠦ
ᠤᠨᠲᠠᠵᠤ ᠬᠡᠪᠲᠡᠬᠦ ᠳ᠋ᠡᠭᠡᠨ ᠬᠦᠷᠲᠡᠯ᠎ᠡ
ᠤᠰᠤ ᠬᠤᠷ᠎ᠠ ᠠ᠋ᠴᠠ ᠠᠶᠤᠳᠠᠭ ᠪᠣᠯᠪᠠᠴᠤ
ᠤᠴᠠᠷᠠᠭᠰᠠᠨ ᠪᠥᠭᠦᠳᠡ ᠶ᠋ᠢ ᠪᠠᠶᠠᠰᠬᠠᠭᠴᠢ
ᠤᠴᠢᠷ ᠲᠠᠢ ᠴᠢᠨᠠᠷ ᠪᠦᠷᠢᠳᠦᠭᠰᠡᠨ
ᠶᠠᠭᠤᠲᠠᠢ ᠰᠠᠶ᠋ᠢᠬᠠᠨ ᠡᠳ᠋ ᠪᠤᠢ
( ᠬᠡᠪ ᠦᠨ ᠴᠠᠢ )
ᠳᠥᠪ ᠳᠥᠷᠪᠡᠯᠵᠢᠨ
ᠳᠥᠷᠪᠡᠨ ᠦᠨᠴᠦᠭ ᠲᠡᠢ ᠷᠠᠰᠢᠶᠠᠨ
( ᠬᠡᠪ ᠦᠨ ᠴᠠᠢ )
ᠡᠵᠡᠨ ᠬᠠᠭᠠᠨ ᠤ ᠲᠠᠮᠠᠭ᠎ᠠ
ᠡᠩᠬᠡ ᠲᠦᠷᠦ ᠶ᠋ᠢᠨ ᠪᠡᠯᠡᠭ
( ᠬᠡᠪ ᠦᠨ ᠴᠠᠢ )
ᠭᠠᠤᠯᠢᠨ ᠠᠪᠳᠠᠷ᠎ᠠ
ᠭᠤᠷᠪᠠᠨ ᠪᠦᠰᠡᠯᠡᠭᠦᠷ ᠲᠡᠢ
ᠭᠤᠴᠢᠨ ᠵᠢᠷᠭᠤᠭᠠᠨ ᠲᠠᠮᠠᠭ᠎ᠠ ᠲᠠᠢ
ᠲᠠᠮᠠᠭ᠎ᠠ ᠪᠦᠷᠢ ᠳᠠᠩᠰᠠ ᠲᠠᠢ
ᠳᠠᠩᠰᠠ ᠪᠦᠷᠢ ᠦᠰᠦᠭ ᠲᠡᠢ
( ᠬᠤᠸᠠᠩᠽᠢ ᠲᠠᠢ ᠴᠠᠢ )
ᠨᠠᠮᠠᠶ᠋ᠢ ᠳᠠᠩ ᠢᠶ᠋ᠠᠷ ᠮᠢᠨᠢ ᠢᠳᠡᠳᠡᠭ ᠦᠭᠡᠢ
ᠨᠠᠮᠠᠶ᠋ᠢ ᠦᠭᠡᠢ ᠪᠣᠯ ᠪᠠᠰᠠ ᠢᠳᠡᠳᠡᠭ ᠦᠭᠡᠢ
( ᠳᠠᠪᠤᠰᠤ )
ᠠᠮᠲᠠᠲᠠᠢ ᠪᠠᠶ᠋ᠢᠲᠠᠯ᠎ᠠ ᠠᠷᠪᠢᠨ ᠢᠳᠡᠵᠦ ᠪᠣᠯᠬᠤ ᠦᠭᠡᠢ
ᠰᠢᠮ᠎ᠡ ᠲᠡᠢ ᠪᠣᠯᠪᠠᠴᠤ ᠴᠠᠳᠲᠠᠯ᠎ᠠ ᠢᠳᠡᠵᠦ ᠪᠣᠯᠬᠤ ᠦᠭᠡᠢ
ᠡᠳᠦᠷ ᠦᠨ ᠮᠠᠷᠭᠠᠰᠢ ᠢᠳᠡᠬᠦ ᠦᠭᠡᠢ ᠪᠠᠶ᠋ᠢᠵᠤ ᠴᠢᠳᠠᠬᠤ ᠦᠭᠡᠢ
( ᠳᠠᠪᠤᠰᠤ )
ᠠᠮᠠ ᠦᠭᠡᠢ ᠰᠠᠪᠠ ᠳᠣᠲᠣᠷ᠎ᠠ
ᠠᠮᠲᠠ ᠦᠭᠡᠢ ᠬᠣᠭᠣᠯᠠ
( ᠴᠢᠮᠥᠭᠡ )
ᠰᠡᠭᠦᠭᠡᠳᠦᠢ ᠠᠪᠳᠠᠷ᠎ᠠ ᠳᠣᠲᠣᠷ᠎ᠠ
ᠨᠡᠬᠡᠭᠡᠳᠦᠢ ᠲᠣᠷᠭ᠎ᠠ
( ᠰᠡᠮᠡᠵᠡᠨ ᠥᠭᠡᠬᠦ )
ᠯᠠᠮᠠ ᠪᠢᠰᠢ ᠪᠠᠶ᠋ᠢᠭᠠᠳ ᠵᠠᠩᠴᠢ ᠲᠠᠢ
ᠯᠠᠨᠳᠤᠤ ᠪᠢᠰᠢ ᠪᠠᠶ᠋ᠢᠭᠠᠳ ᠡᠰᠢ ᠲᠡᠢ
ᠲᠡᠮᠡᠭᠡ ᠪᠢᠰᠢ ᠪᠠᠶ᠋ᠢᠭᠠᠳ ᠲᠦᠷᠦ ᠲᠡᠢ
ᠠᠮᠢᠲᠠᠨ ᠪᠢᠰᠢ ᠪᠠᠶ᠋ᠢᠭᠠᠳ ᠴᠢᠰᠤ ᠲᠠᠢ
( ᠪᠣᠷᠳᠣᠭᠰᠠᠨ ᠬᠣᠳᠣᠭᠣᠳᠣ )
ᠰᠢᠷ᠎ᠠ ᠰᠢᠪᠠᠭᠤᠨ ᠤ ᠮᠢᠬ᠎ᠠ ᠶ᠋ᠢ
ᠰᠢᠷᠠᠵᠤ ᠢᠳᠡᠵᠦ ᠪᠣᠯᠬᠤ ᠦᠭᠡᠢ
( ᠰᠢᠷ᠎ᠠ ᠲᠣᠰᠣ )
ᠲᠩᠷᠢ ᠶ᠋ᠢᠨ ᠬᠡᠦᠬᠡᠨ
ᠲᠩ ᠳᠤᠮᠳᠠ ᠪᠠᠨ ᠬᠦᠢᠰᠦ ᠲᠡᠢ
( ᠠᠮᠤ )
ᠲᠥᠭᠦᠷᠢᠭ ᠬᠣᠲᠠᠨ ᠤ ᠲᠦᠮᠡᠨ ᠴᠡᠷᠢᠭ
ᠲᠡᠭᠦᠨ ᠢ ᠳᠠᠷᠤᠬᠤ ᠬᠣᠶᠠᠷ ᠵᠠᠩᠵᠤᠨ
( ᠠᠶᠠᠭ᠎ᠠ ᠲᠠᠢ ᠪᠤᠳᠠᠭ᠎ᠠ ᠂ ᠰᠠᠪᠬ᠎ᠠ )
ᠦᠰᠦᠭ ᠠᠮᠢᠯᠠᠭᠤᠯᠤᠭᠴᠢ ᠄ ᠣᠶᠤᠨᠲᠤᠨᠠᠯ ᠂ ᠳ᠋ᠦ᠋ᠩ ᠹᠧᠩ ᠂ ᠮᠢᠩᠭᠠᠳ · ᠴᠢᠮᠡᠭ
ᠬᠢᠨᠠᠭᠴᠢ ᠄ ᠬᠠᠷᠠᠨᠤᠳ · ᠲᠤᠶᠠᠭ᠎ᠠ ᠂ ᠮᠢᠩᠭᠠᠳ · ᠴᠢᠮᠡᠭ
