ᠬᠤᠳᠠᠯᠴᠢ ᠬᠦᠦ Худалч хүү
ᠬᠤᠳᠠᠯᠴᠢ ᠬᠦᠦ
ᠡᠷᠲᠡ ᠤᠷᠢᠲᠤ ᠶ᠋ᠢᠨ ᠴᠠᠭ ᠲᠤ ᠨᠢᠭᠡᠨ ᠵᠢᠭᠠᠯ ᠬᠦᠦ ᠪᠠᠶ᠋ᠢᠵᠠᠢ ᠃ ᠲᠡᠷᠡ ᠬᠣᠨᠢ ᠪᠠᠨ ᠦᠷᠭᠦᠯᠵᠢ ᠠᠭᠤᠯᠠ ᠶ᠋ᠢᠨ ᠪᠡᠯ ᠶ᠋ᠢᠡᠷ ᠬᠠᠷᠢᠭᠤᠯᠲᠠᠭ ᠭᠡᠨ᠎ᠡ ᠃
ᠨᠢᠭᠡᠨ ᠡᠲᠦᠷ ᠵᠢᠭᠠᠯ ᠬᠦᠦ ᠄ 《 ᠴᠢᠨᠣ᠎ᠠ ᠢᠷᠡᠯ᠎ᠡ ! ᠴᠢᠨᠣ᠎ᠠ ᠢᠷᠡᠯ᠎ᠡ ! 》 ᠭᠡᠵᠦ ᠶᠡᠬᠡ ᠳᠠᠭᠤᠨ ᠶ᠋ᠢᠠᠷ ᠪᠠᠷᠬᠢᠷᠠᠵᠠᠢ ᠃ ᠡᠭᠦᠨ ᠳ᠋ᠦ᠍ ᠣᠶ᠋ᠢᠷ᠎ᠠ ᠬᠠᠪᠢ ᠶ᠋ᠢᠨ ᠬᠣᠨᠢᠴᠢᠳ ᠶᠡᠬᠡ ᠯᠡ ᠰᠠᠨᠲᠤᠷᠤᠨ ᠲᠡᠭᠦᠨ ᠳ᠋ᠦ᠍ ᠲᠤᠰᠠᠯᠠᠬᠤ ᠪᠠᠷ ᠬᠦᠷᠴᠦ ᠢᠷᠡᠪᠡ ᠃ ᠭᠡᠲᠡᠯ᠎ᠡ ᠲᠡᠷᠡ ᠬᠦᠦ ᠬᠠᠷᠢᠨ ᠄ 《 ᠴᠢᠨᠣ᠎ᠠ ᠢᠷᠡᠭᠰᠡᠨ ᠦᠭᠡᠢ ᠂ ᠪᠢ ᠵᠦᠭᠡᠷ ᠨᠠᠭᠠᠲᠤᠭᠰᠠᠨ ᠶᠤᠮ 》 ᠭᠡᠳ ᠢᠨᠢᠶᠡᠪᠡ ᠃ ᠬᠦᠦ ᠡᠨᠡ ᠮᠡᠲᠦ ᠪᠡᠷ ᠬᠡᠲᠦ ᠤᠲᠠᠬ᠋᠎ᠠ ᠬᠤᠲᠠᠯ ᠬᠡᠯᠡᠵᠡᠢ ᠃
ᠭᠡᠲᠡᠯ᠎ᠡ ᠬᠡᠲᠦᠨ ᠡᠲᠦᠷ ᠦ᠋ᠨ ᠳᠠᠷᠠᠬ᠋᠎ᠠ ᠴᠢᠨᠣ᠎ᠠ ᠦᠨᠡᠬᠡᠷ ᠬᠦᠷᠦᠭᠡᠳ ᠢᠷᠡᠵᠡᠢ ᠃ ᠬᠦᠦ ᠠᠶᠤᠨ ᠰᠠᠨᠲᠤᠷᠴᠤ ᠄ 《 ᠴᠢᠨᠣ᠎ᠠ ᠢᠷᠡᠵᠡᠢ ! ᠴᠢᠨᠣ᠎ᠠ ᠢᠷᠡᠵᠡᠢ ! 》 ᠭᠡᠵᠦ ᠬᠣᠭᠣᠯᠠᠢ ᠮᠡᠲᠡᠨ ᠬᠠᠰᠬᠢᠷᠤᠭᠰᠠᠨ ᠪᠣᠯᠪᠠᠴᠤ ᠨᠢᠭᠡ ᠴᠤ᠌ ᠬᠥᠮᠦᠨ ᠲᠤᠰᠠᠯᠠᠬᠤ ᠪᠠᠷ ᠢᠷᠡᠭᠰᠡᠨ ᠦᠭᠡᠢ ᠭᠡᠨ᠎ᠡ ᠃
ᠴᠢᠨᠣ᠎ᠠ ᠂ ᠬᠦᠦ ᠶ᠋ᠢᠨ ᠬᠣᠨᠢᠨ ᠠ᠋ᠴᠠ ᠪᠠᠷᠢᠵᠤ ᠢᠲᠡᠪᠡ ᠃ ᠬᠦᠦ ᠣᠬᠢᠯᠠᠬᠤ ᠠ᠋ᠴᠠ ᠥᠭᠡᠷ᠎ᠡ ᠠᠷᠬ᠋᠎ᠠ ᠦᠭᠡᠢ ᠪᠣᠯᠵᠠᠢ ᠃
ᠬᠡᠯᠡ ᠪᠢᠴᠢᠭ ᠦ᠋ᠨ ᠬᠣᠶᠠᠲᠤᠭᠠᠷ ᠣᠨ ( ᠳᠡᠭᠡᠳᠦ )
( 2012 ᠣᠨ ᠪ 5 ᠰᠠᠷ᠎ᠠ ᠳ᠋ᠦ᠍ ᠠᠩᠬᠠᠲᠤᠭᠠᠷ ᠬᠡᠪ ) ᠡᠴᠡ ᠬᠠᠭᠤᠯᠪᠠ ᠃
ᠠᠮᠢᠯᠠᠭᠤᠯᠤᠭᠰᠠᠨ ᠨᠢ ᠄ ᠮᠢᠩᠭᠠᠳ ᠂ ᠴᠢᠮᠡᠭ
ᠬᠢᠨᠠᠭᠰᠠᠨ ᠨᠢ ᠄ ᠲᠦᠮᠡᠳ · ᠠᠵᠠᠲᠦ
