ᠮᠣᠩᠭᠣᠯ ᠦᠰᠦᠭ – ᠴ ᠂ ᠭᠡᠰᠢᠭᠳᠣᠭᠳᠣᠬᠤ Монгол үсэг – Ч ᠂ Гишигтогтох
ᠮᠣᠩᠭᠣᠯ ᠦᠰᠦᠭ
ᠴ ᠂ ᠭᠡᠰᠢᠭᠳᠣᠭᠳᠣᠬᠤ
ᠭᠡᠭᠡᠨ ᠦᠰᠦᠭ ᠢ᠋ᠶ᠋ᠡᠨ ᠭᠡᠶ᠋ᠢᠭᠦᠯᠬᠦ ᠦᠭᠡᠢ ᠭᠡᠭᠡᠪᠡᠯ ᠭᠦᠢᠴᠡᠬᠦ ᠶ᠋ᠢᠨ ᠭᠠᠴᠢᠭ
ᠪᠤᠷᠬᠠᠨ ᠦᠰᠦᠭ ᠢ᠋ᠶ᠋ᠡᠨ ᠪᠦᠲᠦᠭᠡᠬᠦ ᠦᠭᠡᠢ ᠮᠠᠷᠲᠠᠪᠠᠯ ᠪᠠᠯᠠᠶ᠋ᠢᠷᠠᠬᠤ ᠶ᠋ᠢᠨ ᠪᠠᠯᠴᠢᠭ
ᠪᠣᠰᠤᠭ᠎ᠠ ᠦᠰᠦᠭ ᠢ᠋ᠶ᠋ᠡᠨ ᠪᠤᠯᠭᠢᠭᠤᠯᠬᠤ ᠦᠭᠡᠢ ᠬᠡᠪᠲᠡᠭᠦᠯᠪᠡᠯ ᠪᠤᠯᠠᠭᠳᠠᠬᠤ ᠶ᠋ᠢᠨ ᠪᠣᠷᠳᠣᠭ
ᠵᠣᠭᠰᠣᠭ᠎ᠠ ᠦᠰᠦᠭ ᠢ᠋ᠶ᠋ᠡᠨ ᠵᠢᠷᠤᠮᠯᠠᠬᠤ ᠦᠭᠡᠢ ᠵᠣᠯᠪᠢᠩᠲᠤᠪᠠᠯ ᠵᠣᠪᠠᠬᠤ ᠶ᠋ᠢᠨ ᠵᠣᠯᠢᠭ
ᠤᠷᠭᠤᠭ᠎ᠠ ᠦᠰᠦᠭ ᠢ᠋ᠶ᠋ᠡᠨ ᠤᠷᠭᠤᠭᠤᠯᠬᠤ ᠦᠭᠡᠢ ᠤᠨᠠᠭᠠᠪᠠᠯ ᠤᠷᠤᠭᠤᠳᠠᠬᠤ ᠶ᠋ᠢᠨ ᠤᠴᠢᠭ
ᠨᠢᠰᠦᠭᠰᠡᠨ ᠦᠰᠦᠭ ᠢ᠋ᠶ᠋ᠡᠨ ᠨᠢᠰᠬᠡᠬᠦ ᠦᠭᠡᠢ ᠳᠠᠷᠤᠪᠠᠯ ᠨᠢᠴᠤᠬᠤ ᠶ᠋ᠢᠨ ᠨᠦᠮᠵᠦᠭ
ᠮᠣᠩᠭᠣᠯ ᠪᠢᠴᠢᠭ ᠦ᠋ᠨ ᠢ᠋ᠶ᠋ᠡᠨ ᠵᠠᠮ ᠊ᠢ ᠬᠠᠭᠠᠪᠠᠯ ᠮᠥᠯᠬᠥᠬᠦ ᠶ᠋ᠢᠨ ᠮᠤᠨᠤᠭ
ᠮᠣᠩᠭᠣᠯ ᠰᠣᠶᠣᠯ ᠤ᠋ᠨ ᠢ᠋ᠶ᠋ᠠᠨ ᠮᠥᠷ ᠊ᠢ ᠪᠠᠯᠠᠯᠪᠠᠯ ᠮᠥᠬᠥᠬᠦ ᠶ᠋ᠢᠨ ᠢᠷᠮᠡᠭ
ᠨᠠᠷᠠᠯᠢᠭ ᠦᠰᠦᠭ ᠢ᠋ᠶ᠋ᠡᠨ ᠨᠠᠨᠳᠢᠩᠨᠠᠬᠤ ᠦᠭᠡᠢ ᠶᠠᠪᠤᠪᠠᠯ ᠨᠠᠮᠰᠢᠬᠤ ᠶ᠋ᠢᠨ ᠲᠡᠮᠳᠡᠭ
ᠰᠠᠷᠠᠯᠢᠭ ᠦᠰᠦᠭ ᠢ᠋ᠶ᠋ᠡᠨ ᠰᠠᠬᠢᠬᠤ ᠦᠭᠡᠢ ᠰᠠᠭᠤᠪᠠᠯ ᠰᠥᠨᠥᠬᠦ ᠶ᠋ᠢᠨ ᠲᠡᠮᠳᠡᠭ
ᠰᠦᠷᠯᠢᠭ ᠦᠰᠦᠭ ᠢ᠋ᠶ᠋ᠡᠨ ᠰᠤᠷᠬᠤ ᠦᠭᠡᠢ ᠪᠣᠯᠪᠠᠯ ᠰᠦᠢᠷᠡᠬᠦ ᠶ᠋ᠢᠨ ᠰᠡᠵᠢᠭ
ᠥᠷᠯᠥᠭ ᠦᠰᠦᠭ ᠢ᠋ᠶ᠋ᠡᠨ ᠡᠷᠭᠦᠬᠦ ᠦᠭᠡᠢ ᠬᠠᠶᠠᠪᠠᠯ ᠦᠬᠦᠬᠦ ᠶ᠋ᠢᠨ ᠥᠴᠢᠭ
ᠬᠤᠪᠢᠯᠭᠠᠨ ᠦᠰᠦᠭ ᠢ᠋ᠶ᠋ᠡᠨ ᠬᠤᠪᠢᠷᠠᠭᠤᠯᠤᠨ ᠰᠣᠯᠢᠪᠠᠯ ᠬᠣᠬᠢᠷᠠᠬᠤ ᠶ᠋ᠢᠨ ᠬᠢᠵᠢᠭ
ᠲᠥᠷᠥ ᠶ᠋ᠢᠨ ᠦᠰᠦᠭ ᠢ᠋ᠶ᠋ᠡᠨ ᠳᠡᠭᠡᠳᠦᠯᠡᠬᠦ ᠦᠭᠡᠢ ᠣᠷᠬᠢᠪᠠᠯ ᠲᠥᠭᠡᠷᠢᠬᠦ ᠶ᠋ᠢᠨ ᠵᠢᠱ᠌ᠢᠭ
ᠲᠤᠯᠭᠤᠷ ᠦᠰᠦᠭ ᠢ᠋ᠶ᠋ᠡᠨ ᠲᠣᠭᠣᠬᠤ ᠦᠭᠡᠢ ᠭᠣᠯᠣᠪᠠᠯ ᠲᠡᠭᠦᠰᠬᠦ ᠶ᠋ᠢᠨ ᠲᠠᠮᠲᠤᠭ
ᠢᠵᠠᠭᠤᠷ ᠦᠰᠦᠭ ᠢ᠋ᠶ᠋ᠡᠨ ᠢᠷᠥᠭᠡᠬᠦ ᠦᠭᠡᠢ ᠣᠭᠣᠷᠪᠠᠯ ᠢᠯᠠᠭᠳᠠᠬᠤ ᠶ᠋ᠢᠨ ᠶᠠᠷᠰᠢᠭ
ᠮᠥᠩᠬᠡ ᠲᠡᠭᠷᠢ ᠶ᠋ᠢᠨ ᠬᠦᠴᠦᠨ ᠳ᠋ᠦ᠍ᠷ ᠵᠣᠬᠢᠶᠠᠭᠳᠠᠭᠰᠠᠨ ᠨᠠᠷᠠᠯᠢᠭ ᠦᠰᠦᠭ
ᠡᠩᠬᠡ ᠭᠦᠷᠦᠨ ᠊ᠦ ᠡᠵᠡᠨ ᠳ᠋ᠦ᠍ ᠲᠠᠭᠠᠯᠠᠭᠳᠠᠭᠰᠠᠨ ᠰᠠᠷᠠᠯᠢᠭ ᠦᠰᠦᠭ
ᠥᠩᠭᠡ ᠶᠢᠷᠲᠢᠨᠴᠦ ᠶ᠋ᠢᠨ ᠥᠷᠥᠴᠡᠨ ᠳ᠋ᠦ᠍ ᠴᠣᠭᠴᠠᠯᠠᠭᠳᠠᠭᠰᠠᠨ ᠰᠦᠷᠯᠢᠭ ᠦᠰᠦᠭ
ᠬᠥᠷᠥᠩᠭᠡ ᠪᠤᠶᠠᠨ ᠊ᠤ ᠬᠥᠮᠥᠷᠭᠡ ᠳ᠋ᠦ᠍ ᠥᠪᠯᠡᠭᠳᠡᠭᠰᠡᠨ ᠥᠷᠯᠥᠭ ᠦᠰᠦᠭ
ᠲᠩᠷᠢ ᠭᠠᠵᠠᠷ ᠊ᠢ ᠬᠣᠯᠪᠣᠨ ᠰᠦᠨᠳᠡᠷᠯᠡᠭᠰᠡᠨ ᠬᠤᠪᠢᠯᠭᠠᠨ ᠦᠰᠦᠭ
ᠲᠡᠷᠲᠡᠭᠡ ᠣᠷᠴᠢᠯᠠᠩ ᠊ᠤᠨ ᠳᠠᠯᠳᠠ ᠶ᠋ᠢ ᠮᠡᠳᠡᠭᠡᠯᠡᠭᠰᠡᠨ ᠳᠠᠷᠬᠠᠨ ᠦᠰᠦᠭ
ᠲᠡᠮᠡᠦᠯᠦᠨ ᠬᠦᠷᠬᠦ ᠢᠷᠡᠭᠡᠳᠦᠢ ᠶ᠋ᠢ ᠵᠥᠩᠨᠡᠭᠰᠡᠨ ᠰᠢᠲᠦᠭᠡᠨ ᠦᠰᠦᠭ
ᠲᠡᠮᠦᠵᠢᠨ ᠴᠢᠩᠭᠢᠰ ᠊ᠦᠨ ᠡᠷᠭᠦᠨ ᠬᠡᠷᠡᠭᠯᠡᠭᠰᠡᠨ ᠲᠥᠷᠥ ᠶ᠋ᠢᠨ ᠦᠰᠦᠭ
ᠮᠠᠨᠳᠤᠬᠤ ᠲᠥᠷᠥ ᠶ᠋ᠢᠨ ᠡᠭᠦᠳᠡ ᠶ᠋ᠢ ᠨᠡᠭᠡᠭᠡᠭᠰᠡᠨ ᠲᠤᠯᠭᠤᠷ ᠦᠰᠦᠭ
ᠮᠠᠩᠭᠤᠰ ᠰᠢᠮᠨᠤᠰ ᠊ᠤᠨ ᠡᠭᠦᠯᠡ ᠶ᠋ᠢ ᠬᠥᠭᠡᠭᠡᠭᠰᠡᠨ ᠪᠠᠭᠠᠲᠤᠷ ᠦᠰᠦᠭ
ᠮᠠᠩᠨᠤᠭ ᠲᠥᠷᠥ ᠶ᠋ᠢᠨ ᠬᠥᠰᠢᠭᠡ ᠶ᠋ᠢ ᠢᠷᠠᠭᠰᠠᠨ ᠢᠵᠠᠭᠤᠷ ᠦᠰᠦᠭ
ᠮᠠᠯᠵᠢᠬᠤ ᠰᠣᠶᠣᠯ ᠊ᠤᠨ ᠳᠡᠭᠡᠵᠢ ᠶ᠋ᠢ ᠲᠡᠭᠡᠭᠡᠭᠰᠡᠨ ᠳᠡᠯᠭᠡᠷ ᠦᠰᠦᠭ
ᠮᠤᠩᠬᠠᠭ ᠬᠠᠷᠠᠩᠭᠤᠢ ᠶ᠋ᠢ ᠰᠣᠶᠣᠨ ᠭᠡᠶ᠋ᠢᠭᠦᠯᠦᠭᠰᠡᠨ ᠭᠡᠭᠡᠨ ᠦᠰᠦᠭ
ᠮᠣᠩᠭᠣᠯ ᠨᠤᠲᠤᠭ ᠢ᠋ᠶ᠋ᠠᠨ ᠮᠠᠭᠲᠠᠨ ᠵᠢᠷᠤᠭᠯᠠᠭᠰᠠᠨ ᠪᠤᠷᠬᠠᠨ ᠦᠰᠦᠭ
ᠮᠣᠯᠣᠷ ᠡᠷᠳᠡᠨᠢ ᠶ᠋ᠢᠨ ᠰᠠᠩ ᠊ᠢ ᠠᠬᠤᠭᠤᠯᠤᠭᠰᠠᠨ ᠷᠢᠳᠢ ᠶ᠋ᠢᠨ ᠦᠰᠦᠭ
ᠮᠣᠩᠭᠣᠯᠴᠤᠳ ᠪᠢᠳᠡᠨ ᠊ᠦ ᠪᠢᠯᠢᠭ ᠊ᠢ ᠬᠤᠷᠴᠠᠯᠠᠭᠰᠠᠨ ᠰᠢᠳᠢ ᠶ᠋ᠢᠨ ᠦᠰᠦᠭ
ᠬᠠᠭᠠᠨ ᠴᠢᠩᠭᠢᠰ ᠊ᠦᠨ ᠵᠠᠷᠯᠢᠭ ᠊ᠢ ᠤᠯᠠᠮᠵᠢᠯᠠᠭᠰᠠᠨ ᠬᠠᠳᠠᠨ ᠊ᠤ ᠦᠰᠦᠭ
ᠬᠠᠮᠤᠭ ᠮᠣᠩᠭᠣᠯ ᠊ᠤᠨ ᠰᠡᠳᠬᠢᠯ ᠊ᠢ ᠰᠢᠩᠭᠡᠭᠡᠭᠰᠡᠨ ᠬᠠᠶ᠋ᠢᠷ᠎ᠠ ᠶ᠋ᠢᠨ ᠦᠰᠦᠭ
ᠭᠠᠳᠠᠭᠠᠳᠤ ᠳᠣᠲᠣᠭᠠᠳᠤ ᠶ᠋ᠢᠨ ᠬᠠᠷᠢᠯᠴᠠᠭ᠎ᠠ ᠶ᠋ᠢ ᠨᠡᠪᠲᠡᠷᠡᠭᠦᠯᠦᠭᠰᠡᠨ ᠭᠠᠶ᠋ᠢᠬᠠᠮᠰᠢᠭ ᠦᠰᠦᠭ
ᠭᠠᠨᠵᠤᠤᠷ ᠳ᠋ᠠᠨᠵᠤᠤᠷ ᠊ᠢ ᠣᠷᠴᠢᠭᠤᠯᠤᠨ ᠬᠡᠪᠯᠡᠭᠦᠯᠦᠭᠰᠡᠨ ᠭᠠᠷᠮᠠᠭᠠᠢ ᠦᠰᠦᠭ
ᠮᠣᠷᠢᠨ ᠨᠢᠷᠤᠭᠤᠨ ᠳ᠋ᠤ᠌ ᠳᠣᠪᠲᠣᠯᠵᠤ ᠶᠠᠪᠤᠭᠠᠳ ᠲᠠᠲᠠᠯᠠᠳᠠᠭ ᠦᠰᠦᠭ
ᠮᠤᠬᠤᠯᠠᠭ ᠲᠡᠷᠭᠡᠨ ᠳ᠋ᠦ᠍ ᠰᠠᠭᠤᠵᠤ ᠪᠠᠶ᠋ᠢᠭᠠᠳ ᠰᠡᠶ᠋ᠢᠷᠡᠭᠦᠯᠳᠡᠭ ᠦᠰᠦᠭ
ᠬᠥᠭᠰᠢᠨ ᠬᠥᠮᠦᠰ ᠬᠣᠷᠢᠬᠠᠨ ᠡᠳᠦᠷ ᠲᠦ᠍ ᠨᠢᠳᠦᠯᠡᠳᠡᠭ ᠦᠰᠦᠭ
ᠬᠥᠭᠡᠷᠦᠬᠦᠨ ᠬᠡᠦᠬᠡᠳ ᠬᠡᠳᠦᠬᠡᠨ ᠨᠠᠰᠤᠨ ᠳ᠋ᠤ᠌ ᠳᠠᠰᠳᠠᠭ ᠦᠰᠦᠭ
ᠭᠠᠯᠪᠠ ᠬᠣᠷᠸ᠋᠎ᠠ ᠳ᠋ᠤ᠌ ᠭᠠᠭᠴᠠᠬᠠᠨ ᠣᠷᠣᠰᠢᠳᠠᠭ ᠪᠣᠰᠤᠭ᠎ᠠ ᠦᠰᠦᠭ
ᠭᠠᠵᠠᠷ ᠳᠡᠯᠡᠬᠡᠢ ᠳ᠋ᠦ᠍ ᠨᠢᠭᠡᠬᠡᠨ ᠪᠠᠶ᠋ᠢᠳᠠᠭ ᠵᠣᠭᠰᠣᠭ᠎ᠠ ᠦᠰᠦᠭ
ᠭᠠᠩᠭᠠᠨ ᠪᠠᠶ᠋ᠢᠭᠠᠯᠢ ᠶ᠋ᠢᠨ ᠽᠠᠨᠳᠠᠨ ᠮᠣᠳᠣ ᠰᠢᠭ᠋ ᠤᠷᠭᠤᠭ᠎ᠠ ᠦᠰᠦᠭ
ᠭᠠᠷᠤᠳᠢ ᠭᠠᠯᠪᠢᠩᠭ᠎ᠠ ᠶ᠋ᠢᠨ ᠳᠠᠪᠢᠯᠲᠠ ᠮᠡᠲᠦ ᠨᠢᠰᠦᠭᠡ ᠦᠰᠦᠭ
ᠥᠰᠢᠶᠡᠲᠡᠨ ᠳᠠᠶ᠋ᠢᠰᠤᠨ ᠊ᠢ ᠳᠠᠷᠤᠬᠤ ᠶ᠋ᠢᠨ ᠲᠥᠯᠥᠭᠡ ᠪᠣᠰᠤᠭᠰᠠᠨ ᠦᠰᠦᠭ
ᠥᠯᠥᠨ ᠬᠣᠪᠳᠣᠭ ᠊ᠢ ᠬᠥᠭᠡᠭᠡᠬᠦ ᠶ᠋ᠢᠨ ᠲᠤᠰᠠ ᠵᠣᠭᠰᠣᠭᠰᠠᠨ ᠦᠰᠦᠭ
ᠦᠨᠳᠦᠰᠦ ᠤᠭᠰᠠᠭ᠎ᠠ ᠪᠠᠨ ᠥᠰᠬᠡᠬᠦ ᠶ᠋ᠢᠨ ᠤᠴᠢᠷ ᠲᠤ᠌ ᠤᠷᠭᠤᠭᠰᠠᠨ ᠦᠰᠦᠭ
ᠦᠷ᠎ᠡ ᠬᠣᠶ᠋ᠢᠴᠢᠰ ᠢ᠋ᠶ᠋ᠠᠨ ᠬᠠᠮᠠᠭᠠᠯᠠᠬᠤ ᠶ᠋ᠢᠨ ᠲᠤᠰᠠ ᠳ᠋ᠤ᠌ ᠨᠢᠰᠦᠭᠰᠡᠨ ᠦᠰᠦᠭ
ᠦᠰᠦᠭ ᠠᠮᠢᠯᠠᠭᠤᠯᠤᠭᠴᠢ ᠄ ᠰᠠᠷᠠᠨᠲᠤᠶᠠᠭ᠎ᠠ
ᠬᠢᠨᠠᠭᠴᠢ ᠄ ᠣᠤᠠᠬᠠᠨᠰᠣ ᠠ᠋
