ᠨᠢᠳᠦ – ᠳ ᠂ ᠪᠥᠷᠢᠨᠲᠤᠭᠲᠠᠬᠤ Нүд – Д ᠂ Бүрэнтогтох
ᠨᠢᠳᠦ
ᠳ ᠂ ᠪᠥᠷᠢᠨᠲᠤᠭᠲᠠᠬᠤ
ᠬᠢᠯᠢ ᠶ᠋ᠢᠨ ᠴᠡᠷᠢᠭ ᠲᠦ᠍ ᠭᠢᠯᠠᠷᠠᠭᠤᠯᠵᠤ ᠶᠠᠪᠤᠭᠰᠠ ᠪᠢᠯᠢᠭᠲᠦ ᠨᠢᠭᠡ ᠤᠳᠠᠭᠠᠨ ᠤ ᠭᠠᠯ ᠤᠨ ᠠᠶᠤᠯ ᠠ᠋ᠴᠠ ᠪᠤᠰᠤᠳ ᠢ ᠠᠪᠤᠷᠠᠬᠤ ᠶ᠋ᠢᠨ ᠲᠥᠯᠥᠭᠡ ᠬᠠᠷᠠᠭ᠎ᠠ ᠪᠠᠨ ᠠᠯᠳᠠᠭᠰᠠᠨ ᠶᠤᠮ᠃ ᠲᠡᠷᠡ ᠬᠠᠷᠠᠬᠠᠨ ᠪᠠᠭ᠎ᠠ ᠠ᠋ᠴᠠ ᠪᠠᠨ ᠥᠨᠥᠴᠢᠨ ᠥᠰᠦᠭᠰᠡᠨ ᠲᠤᠯᠠ ᠬᠥᠳᠡᠭᠡ ᠪᠠᠶ᠋ᠢᠭ᠎ᠠ ᠠᠬ᠎ᠠ ᠲᠠᠢ ᠪᠠᠨ ᠨᠢᠭᠡ ᠬᠦᠷᠢᠶᠡᠨ ᠳ᠋ᠦ᠍ ᠠᠮᠢᠳᠤᠷᠠᠳᠠᠭ᠃ ᠠᠬ᠎ᠠ ᠪᠡᠷᠭᠡᠨ ᠡᠴᠡ ᠪᠡᠨ ᠬᠣᠶᠠᠷ ᠬᠦᠦ ᠨᠢᠭᠡ ᠥᠬᠢᠨ ᠲᠡᠢ᠃ ᠠᠬ᠎ᠠ ᠨᠢ ᠮᠠᠯ ᠲᠠᠷᠢᠶ᠎ᠠ ᠭᠡᠳ ᠠᠵᠢᠯ ᠣᠯᠠᠨ ᠲᠤᠯᠠ ᠲᠡᠭᠦᠨ ᠢ ᠲᠠᠭᠠᠵᠤ ᠬᠠᠷᠠᠭᠠᠯᠵᠠᠵᠤ ᠴᠢᠳᠠᠬᠤ ᠦᠭᠡᠢ ᠪᠣᠯᠪᠠᠴᠤ ᠲᠡᠷᠡ ᠬᠠᠷᠢᠨ ᠲᠡᠮ ᠰᠡᠷᠡᠯ ᠢᠶ᠋ᠡᠨ ᠲᠦᠰᠢᠵᠦ ᠬᠠᠷᠠᠭ᠎ᠠ ᠲᠠᠢ ᠬᠥᠮᠦᠨ ᠡᠴᠡ ᠳᠣᠣᠷ᠎ᠠ ᠦᠭᠡᠢ ᠠᠬ᠎ᠠ ᠪᠡᠷᠭᠡᠨ ᠳ᠋ᠡᠭᠡᠨ ᠲᠤᠰᠠ ᠪᠣᠯᠵᠤ ᠴᠠᠢ ᠤᠰᠤ ᠴᠢᠨᠠᠵᠤ ᠂ ᠠᠴᠢ ᠬᠡᠦᠬᠡᠳ ᠢᠶ᠋ᠡᠨ ᠡᠨᠡᠷᠢᠨ ᠬᠠᠷᠠᠭᠠᠯᠵᠠᠭᠰᠠᠭᠠᠷ ᠣᠯᠠᠨ ᠵᠢᠯ ᠢ ᠲᠤᠭᠤᠯᠵᠤ ᠢᠷᠡᠭᠰᠡᠨ ᠪᠠᠶ᠋ᠢᠪᠠ᠃
ᠣᠳᠣ ᠶᠡᠬᠡ ᠠᠴᠢ ᠬᠦᠦ ᠬᠦᠳᠡᠷ ᠨᠢ ᠬᠤᠰᠢᠭᠤᠨ ᠳ᠋ᠤ᠌ ᠠᠯᠪᠠᠯᠠᠵᠤ ᠂ ᠠᠴᠢ ᠥᠬᠢᠨ ᠴᠡᠯᠮᠡᠭ ᠨᠢ ᠰᠤᠮᠤᠨ ᠤ ᠰᠤᠷᠭᠠᠭᠤᠯᠢ ᠳ᠋ᠤ᠌ ᠪᠠᠭᠰᠢᠯᠠᠵᠤ ᠂ ᠪᠠᠭ᠎ᠠ ᠠᠴᠢ ᠬᠦᠦ ᠪᠤᠨᠳᠤᠭᠤᠷ ᠨᠢ ᠶᠡᠬᠡ ᠰᠤᠷᠭᠠᠭᠤᠯᠢ ᠳ᠋ᠤ᠌ ᠡᠮᠨᠡᠯᠭᠡ ᠶ᠋ᠢᠨ ᠤᠬᠠᠭᠠᠨ ᠰᠤᠷᠴᠤ ᠪᠠᠶ᠋ᠢᠭ᠎ᠠ ᠠᠵᠢ᠃ ᠶᠡᠬᠡ ᠠᠴᠢ ᠨᠢ ᠭᠡᠷ ᠲᠡᠭᠡᠨ ᠢᠷᠡᠬᠦ ᠪᠣᠯᠭᠠᠨ ᠳ᠋ᠤ᠌ ᠲᠡᠭᠦᠨ ᠳ᠋ᠦ᠍ ᠠᠪᠴᠢᠷᠠᠭᠰᠠᠨ ᠶᠠᠭᠤᠮ᠎ᠠ ᠪᠠᠨ ᠭᠠᠷᠳᠠᠭᠤᠯᠤᠭᠠᠳ ᠯᠡ ᠢᠯᠡᠭᠦᠦ ᠳᠤᠲᠠᠭᠤ ᠦᠬᠡ ᠥᠬᠡᠢ ᠶᠠᠭᠠᠷᠠᠤᠬᠠᠨ ᠯᠡ ᠶᠠᠪᠤᠳᠠᠭ᠃ ᠠᠴᠢ ᠥᠬᠢᠨ ᠨᠢ ᠴᠦ᠍ ᠬᠠᠶᠠ ᠬᠠᠶᠠ ᠲᠥᠷᠬᠥᠮᠴᠢᠯᠡᠵᠦ ᠢᠷᠡᠭᠡᠳ ᠬᠤᠪᠴᠠᠰᠤ ᠬᠤᠨᠠᠷ ᠢ ᠨᠢ ᠤᠬᠢᠶᠠᠵᠤ ᠰᠣᠯᠢᠭᠠᠳ ᠯᠡ ᠭᠡᠷ ᠲᠦ᠍ ᠪᠡᠨ ᠬᠠᠷᠢᠳᠠᠭ᠃ ᠴᠣᠷ ᠤᠨ ᠭᠠᠭᠴᠠ ᠪᠣᠨᠲᠣᠭᠣᠷ ᠨᠢ ᠲᠠᠷᠬᠠᠯᠲᠠ ᠶ᠋ᠢᠨ ᠬᠤᠭᠤᠴᠠᠭᠠᠨ ᠳ᠋ᠠᠭᠠᠨ ᠲᠡᠭᠦᠨ ᠦ ᠬᠣᠶᠠᠷ ᠲᠠᠰᠤᠯᠭ᠎ᠠ ᠭᠡᠷ ᠢ ᠪᠦᠯᠢᠶᠡᠰᠬᠡᠨ ᠶᠠᠷᠢᠶ᠎ᠠ ᠬᠦᠷ ᠪᠣᠯᠵᠤ ᠶᠢᠷᠲᠢᠨᠴᠦ ᠳᠡᠯᠡᠬᠡᠢ ᠶ᠋ᠢᠨ ᠰᠣᠨᠢᠨ ᠭᠠᠶ᠋ᠢᠬᠠᠮᠰᠢᠭ ᠢ ᠬᠥᠭᠡᠷᠦᠬᠦᠢ ᠠᠪᠠᠭ᠎ᠠ ᠳ᠋ᠠᠭᠠᠨ ᠦᠭᠡ ᠬᠡᠯᠡ ᠪᠡᠷ ᠵᠢᠷᠤᠭᠯᠠᠵᠤ ᠦᠵᠡᠭᠦᠯᠳᠡᠭ᠃ ᠪᠠᠰᠠ ᠠᠪᠠᠭ᠎ᠠ ᠪᠠᠨ ᠳᠠᠭᠠᠭᠤᠯᠤᠨ ᠬᠠᠯᠠᠭᠤᠨ ᠤᠰᠤᠨ ᠳ᠋ᠤ᠌ ᠣᠷᠣᠵᠤ ᠣᠷᠣᠨ ᠭᠡᠷ ᠢ ᠨᠢ ᠴᠡᠪᠡᠷᠯᠡᠵᠦ ᠵᠠᠷᠤᠵᠤ ᠪᠠᠷᠢᠳᠠᠭ ᠶᠠᠭᠤᠮ᠎ᠠ ᠬᠡᠤᠮ᠎ᠠ ᠶ᠋ᠢ ᠨᠢ ᠵᠢᠷᠤᠮ ᠭᠣᠷᠢᠮ ᠳᠠᠢ ᠲᠠᠯᠪᠢᠳᠠᠭ ᠠ᠋ᠴᠠ ᠪᠣᠨᠲᠣᠭᠣᠷ ᠢᠶ᠋ᠠᠨ ᠪᠠᠶ᠋ᠢᠭ᠎ᠠ ᠪᠠᠷ ᠯᠠ ᠪᠢᠯᠢᠭᠲᠦ ᠬᠠᠷᠠᠭ᠎ᠠ ᠳᠠᠢ ᠰᠢᠭ᠋ ᠪᠠᠶᠠᠷᠯᠠᠵᠤ ᠪᠠᠶ᠋ᠢᠳᠠᠭ᠃
ᠪᠤᠨᠳᠤᠭᠤᠷ ᠨᠢ ᠪᠠᠭ᠎ᠠ ᠠ᠋ᠴᠠ ᠪᠡᠨ ᠤᠬᠠᠭᠠᠯᠢᠭ ᠂ ᠦᠷᠭᠦᠯᠵᠢ ᠲᠡᠭᠦᠨ ᠲᠠᠢ ᠬᠠᠨᠢ ᠪᠣᠯᠵᠤ ᠤᠨᠲᠠᠳᠠᠭ ᠠ᠋ᠴᠠ ᠠᠪᠠᠭ᠎ᠠ ᠨᠢ ᠬᠦᠵᠦᠭᠦᠨ ᠳᠡᠭᠡᠷᠡᠬᠢ ᠦᠷᠢᠯ ᠦᠨ ᠴᠢᠨᠡᠭᠡᠨ ᠪᠣᠷᠣ ᠮᠡᠩᠭᠡ ᠶ᠋ᠢ ᠨᠢ ᠲᠡᠮᠲᠡᠷᠢᠵᠦ ᠄ 《 ᠮᠢᠨᠦ ᠪᠣᠨᠲᠣᠭᠣᠷ ᠤᠨ ᠤᠬᠠᠭᠠᠨ ᠨᠢ ᠪᠦᠷ ᠡᠭᠥᠨ ᠳ᠋ᠡᠭᠡᠨ ᠪᠣᠢ ᠰᠢᠦ ! 》 ᠭᠡᠳ ᠯᠡ ᠥᠬᠥᠭᠡᠷᠳᠡᠳᠡᠭ ᠃ ᠪᠤᠨᠳᠤᠭᠤᠷ ᠨᠢ ᠲᠡᠭᠦᠨ ᠦ ᠠᠯᠢᠪᠠ ᠰᠠᠶ᠋ᠢᠨ ᠰᠠᠶ᠋ᠢᠬᠠᠨ ᠬᠦᠰᠡᠯ ᠡᠷᠡᠮᠡᠯᠵᠡᠯ ᠦᠨ ᠭᠡᠷᠡᠯ ᠭᠡᠭᠡ ᠨᠢ ᠪᠣᠯᠳᠠᠭ ᠠ᠋ᠴᠠ ᠲᠡᠷᠡ ᠣᠯᠳᠠᠭ ᠵᠢᠭᠠᠬᠠᠨ ᠲᠡᠳᠬᠦᠪᠦᠷᠢ ᠪᠡᠨ ᠪᠤᠨᠳᠤᠭᠤᠷ ᠲᠠᠭᠠᠨ ᠯᠠ ᠵᠠᠷᠤᠴᠠᠭᠤᠯᠳᠠᠭ ᠪᠠᠶ᠋ᠢᠪᠠ᠃ ᠤᠳᠠᠭ᠎ᠠ ᠪᠣᠯᠭᠠᠨ ᠪᠤᠨᠳᠤᠭᠤᠷ ᠢᠶ᠋ᠠᠨ ᠬᠠᠷᠢᠵᠤ ᠢᠷᠡᠬᠦ ᠳ᠋ᠤ᠌ ᠨᠢ ᠬᠥᠯ ᠦᠨ ᠴᠢᠮᠡᠭᠡ ᠂ ᠠᠮᠢᠰᠬᠤᠬᠤ ᠠᠶ᠋ᠢᠵᠠᠮ ᠢᠶ᠋ᠠᠷ ᠨᠢ ᠪᠠᠷᠤᠭᠯᠠᠵᠤ ᠂ ᠣᠶ᠋ᠢᠷᠠᠳᠴᠤ ᠢᠷᠡᠬᠦ ᠪᠠᠷ ᠨᠢ ᠦᠨᠦᠷ ᠢᠶ᠋ᠡᠷ ᠨᠢ ᠲᠠᠨᠢᠵᠤ ᠂ ᠲᠡᠭᠦᠨ ᠵᠦᠭ ᠢᠶ᠋ᠡᠨ ᠥᠨᠳᠡᠯᠵᠡᠳᠡᠭ ᠶᠤᠮ᠃ ᠪᠤᠨᠳᠤᠭᠤᠷ ᠴᠤ᠌ ᠠᠪᠠᠭ᠎ᠠ ᠳ᠋ᠠᠭᠠᠨ ᠬᠠᠶ᠋ᠢᠷᠠᠲᠠᠢ᠃ ᠨᠢᠭᠡ ᠤᠳᠠᠭ᠎ᠠ ᠠᠪᠠᠭ᠎ᠠ ᠨᠢ ᠬᠠᠯᠠᠭᠤᠨ ᠤᠰᠤᠨ ᠳ᠋ᠤ᠌ ᠭᠠᠷ ᠢᠶ᠋ᠠᠨ ᠬᠠᠯᠠᠭᠠᠭᠰᠠᠨ ᠳ᠋ᠤ᠌ ᠡᠯᠢᠭᠡ ᠨᠢ ᠡᠮᠲᠡᠷᠡᠵᠤ ᠂ ᠬᠡᠦᠬᠡᠳ ᠦᠨ ᠴᠠᠶ᠋ᠢᠯᠭᠠᠨ ᠰᠡᠳᠬᠢᠯᠭᠡ ᠪᠡᠷ 《 ᠠᠪᠠᠭ᠎ᠠ ᠳ᠋ᠠᠭᠠᠨ ᠪᠢ ᠨᠢᠭᠡ ᠨᠢᠳᠦ ᠪᠡᠨ ᠥᠭᠭᠦᠨ᠎ᠡ ! 》 ᠬᠡᠵᠤ ᠳᠠᠭᠤ ᠲᠠᠯᠪᠢᠨ ᠤᠬᠢᠯᠠᠭᠰᠠᠨ ᠪᠠᠶ᠋ᠢᠪᠠ᠁
ᠪᠤᠨᠳᠤᠭᠤᠷ ᠨᠢ ᠲᠥᠪᠡᠳ ᠲᠤ᠌ ᠡᠮᠨᠡᠯᠭᠡ ᠶ᠋ᠢᠨ ᠤᠬᠠᠭᠠᠨ ᠤ ᠰᠤᠳᠤᠯᠬᠤ ᠰᠤᠷᠤᠭᠴᠢ ᠪᠤᠯᠵᠤ ᠬᠣᠶᠠᠷ ᠬᠤᠭᠤᠴᠠᠭ᠎ᠠ ᠬᠠᠷᠢᠵᠤ ᠢᠷᠡᠭᠰᠡᠨ ᠦᠭᠡᠢ ᠳ᠋ᠦ᠍ ᠪᠢᠯᠢᠭᠲᠦ ᠶ᠋ᠢᠨ ᠰᠡᠳᠬᠢᠯ ᠳ᠋ᠦ᠍ ᠤᠶ᠋ᠢᠳᠬᠠᠷ ᠤᠨ ᠮᠠᠨᠠᠨ ᠪᠦᠷᠬᠦᠵᠦ ᠠᠬ᠎ᠠ ᠪᠡᠷᠭᠡᠨ ᠳ᠋ᠦ᠍ ᠪᠡᠨ ᠬᠣᠭᠣᠯᠠ ᠴᠠᠢ ᠬᠢᠬᠦ ᠪᠡᠨ ᠣᠰᠣᠯᠳᠠᠬᠤ ᠪᠤᠯᠵᠤ ᠢᠳᠡᠰᠢ ᠤᠤᠭᠤᠰᠢ ᠠ᠋ᠴᠠ ᠭᠠᠷᠬᠤ ᠬᠡᠮᠵᠢᠶᠡᠨ ᠳ᠋ᠦ᠍ ᠬᠦᠷᠴᠡᠢ᠃ ᠪᠤᠳᠤᠯ ᠵᠡᠭᠦᠳᠦᠨ ᠳ᠋ᠦ᠍ ᠨᠢ ᠴᠡᠷᠢᠭ ᠲᠦ᠍ ᠪᠠᠶ᠋ᠢᠬᠤ ᠦᠶ᠎ᠡ ᠶ᠋ᠢᠨ ᠬᠢᠨᠢ ᠲᠥᠪᠡᠳ ᠦᠨ ᠪᠤᠳᠠᠯᠠᠩ ᠣᠷᠳᠣᠨ ᠪᠣᠯᠤᠨ ᠥᠩᠭᠡᠲᠦ ᠲᠠᠷᠴᠤᠭ ᠨᠠᠮᠢᠷᠠᠭᠰᠠᠨ ᠴᠠᠰᠤᠲᠤ ᠥᠨᠳᠥᠷ ᠠᠭᠤᠯᠠᠰ ᠬᠠᠷᠠᠭᠳᠠᠨ᠎ᠠ᠃ ᠡᠨᠡᠬᠦ ᠡᠭᠦᠯᠡᠨ ᠳ᠋ᠦ᠍ ᠰᠢᠷᠭᠤᠭᠰᠠᠨ ᠠᠰᠬ᠎ᠠ ᠬᠠᠳᠠᠨ ᠳ᠋ᠤ᠌ ᠪᠤᠨᠳᠤᠭᠤᠷ ᠨᠢ ᠲᠡᠭᠦᠨ ᠦ ᠨᠢᠳᠦ ᠶ᠋ᠢ ᠵᠠᠰᠠᠬᠤ 《 ᠡᠷᠳᠡᠨᠢ 》 ᠤᠯᠬᠤ ᠪᠠᠷ ᠮᠠᠴᠤᠵᠤ ᠪᠠᠶ᠋ᠢᠬᠤ ᠪᠠᠷ ᠵᠡᠭᠦᠳᠦᠯᠡᠨ᠎ᠡ᠃ ᠲᠡᠭᠡᠬᠦ ᠪᠣᠯᠭᠠᠨ ᠳ᠋ᠠᠭᠠᠨ ᠰᠣᠴᠢᠨ ᠰᠡᠷᠢᠭᠡᠳ ᠡᠳᠦᠷ ᠰᠥᠨᠢ ᠶ᠋ᠢ ᠢᠯᠭᠠᠬᠤ ᠪᠠᠷ ᠭᠠᠳᠠᠭᠰᠢ ᠰᠣᠨᠣᠷ ᠴᠢᠩᠨᠠᠨ᠎ᠠ᠃ ᠲᠡᠷᠡ ᠵᠠᠯᠠᠭᠤ ᠨᠠᠰᠤ ᠪᠠᠨ ᠳᠤᠷᠠᠰᠤᠭᠠᠳ ᠬᠠᠮᠠᠷ ᠪᠤᠷᠭᠢᠬᠤ ᠳ᠋ᠤ᠌ ᠪᠠᠨ ᠪᠠᠶ᠋ᠢᠯᠳᠤᠭᠴᠢᠳ ᠤᠨ ᠬᠢᠨᠢ ᠄ 《 ᠰᠠᠪᠠᠭ᠎ᠠ ᠦᠭᠡᠢ ᠤᠴᠢᠷ ᠲᠤ᠌ ᠰᠠᠷᠮᠠᠭᠴᠢᠵᠤ ᠠᠮᠢ ᠴᠥᠯᠡᠨ ᠭᠠᠯ ᠵᠦᠭ ᠢᠶ᠋ᠡᠨ ᠳᠠᠭᠠᠷᠢᠭᠠᠳ ᠂ ᠶᠣᠰᠣᠲᠠᠢ ᠦᠬᠡᠷ ᠲᠡᠨᠡᠭ ! 》 ᠬᠡᠵᠤ ᠥᠪᠡᠷ ᠢ ᠨᠢ ᠪᠤᠷᠤᠭᠤᠳᠬᠠᠵᠤ ᠪᠠᠶ᠋ᠢᠭᠰᠠᠨ ᠢ ᠪᠤᠳᠤᠵᠤ ᠬᠥᠮᠦᠨ ᠦ ᠠᠮᠢᠳᠤᠷᠠᠯ ᠳ᠋ᠤ᠌ ᠨᠢᠭᠦᠯ ᠪᠤᠶᠠᠨ ᠵᠡᠷᠭᠡᠴᠡᠨ ᠪᠠᠶ᠋ᠢᠳᠠᠭ ᠢ ᠲᠤᠩᠭᠠᠨ᠎ᠠ᠃ ᠲᠡᠷᠡ ᠨᠠᠮ ᠵᠢᠮ ᠦᠨ ᠳᠤᠮᠳᠠ ᠠ᠋ᠴᠠ ᠪᠣᠨᠲᠣᠭᠣᠷ ᠤᠨ ᠢᠶ᠋ᠠᠨ ᠬᠥᠯ ᠦᠨ ᠴᠢᠮᠡᠭᠡ ᠶ᠋ᠢ ᠭᠣᠷᠢᠳᠠᠨ ᠂ ᠵᠢᠷᠦᠬᠡ ᠰᠡᠳᠬᠢᠯ ᠳ᠋ᠦ᠍ ᠨᠢ ᠭᠦᠨ ᠰᠢᠩᠭᠡᠭᠰᠡᠨ ᠡᠩᠬᠦᠷᠡᠢ ᠦᠨᠦᠷ ᠢ ᠨᠢ ᠡᠷᠢᠨ᠎ᠡ ᠃
ᠨᠢᠭᠡ ᠡᠳᠦᠷ ᠬᠤᠰᠢᠭᠤᠨ ᠳ᠋ᠤ᠌ ᠪᠠᠶ᠋ᠢᠭ᠎ᠠ ᠶᠡᠬᠡ ᠠᠴᠢ ᠨᠢ ᠶᠠᠭᠠᠷᠠᠤᠬᠠᠨ ᠬᠠᠷᠢᠵᠤ ᠢᠷᠡᠭᠡᠳ ᠠᠪᠤ ᠡᠵᠢ ᠲᠡᠢ ᠪᠡᠨ ᠤᠴᠢᠷ ᠵᠥᠪᠳᠡᠭᠰᠡᠨ ᠢᠶ᠋ᠠᠨ ᠰᠢᠭᠤᠳ ᠯᠠ ᠠᠪᠠᠭ᠎ᠠ ᠶ᠋ᠢᠨ ᠢᠶ᠋ᠠᠨ ᠭᠡᠷ ᠲᠦ᠍ ᠣᠷᠣᠵᠤ ᠄
— ᠠᠪᠠᠭ᠎ᠠ ᠠ᠋ ᠂ ᠪᠢᠳᠡ ᠬᠣᠶᠠᠷ ᠲᠥᠪᠡᠳ ᠥᠭᠡᠳᠡ ᠨᠢᠰᠬᠦ ᠴᠢᠬᠤᠯᠠ ᠲᠠᠢ ᠪᠣᠯᠤᠯ᠎ᠠ᠃ ᠬᠤᠪᠴᠠᠰᠤ ᠬᠤᠨᠠᠷ ᠢ ᠴᠢᠨᠢ ᠬᠠᠯᠠᠵᠤ ᠥᠭᠭᠦᠶ᠎ᠡ ᠭᠡᠳ ᠶᠠᠭᠠᠷᠠᠵᠤ ᠡᠬᠢᠯᠡᠪᠡ᠃ ᠵᠡᠭᠦᠳᠦ ᠵᠥᠩ ᠢᠶ᠋ᠠᠨ ᠰᠡᠵᠢᠭᠯᠡᠭᠰᠡᠨ ᠠᠪᠠᠭ᠎ᠠ ᠨᠢ᠄
— ᠪᠤᠨᠳᠤᠭᠤᠷ ᠮᠢᠨᠢ ᠵᠦᠭᠡᠷ ᠪᠢᠵᠡ ? ᠭᠡᠳ ᠬᠣᠭᠣᠯᠠᠢ ᠨᠢ ᠴᠡᠴᠡᠷᠡᠪᠡ᠃
— ᠪᠤᠨᠳᠤᠭᠤᠷ ᠴᠢᠨᠢ ᠵᠦᠭᠡᠷ ᠡ ᠭᠡᠳ ᠶᠡᠬᠡ ᠠᠴᠢ ᠨᠢ ᠣᠯᠠᠨ ᠦᠭᠡ ᠶᠠᠷᠢᠭᠰᠠᠨ ᠥᠬᠡᠢ ᠲᠡᠭᠦᠨ ᠢ ᠲᠡᠷᠭᠡᠨ ᠳ᠋ᠡᠭᠡᠨ ᠰᠠᠭᠤᠯᠭᠠᠭᠠᠳ ᠮᠣᠷᠳᠠᠬᠤ ᠳ᠋ᠤ᠌ ᠠᠬ᠎ᠠ ᠪᠡᠷᠭᠡᠨ ᠨᠢ ᠲᠡᠳᠡᠨ ᠦ ᠠᠷᠤ ᠠ᠋ᠴᠠ ᠨᠢ ᠨᠢᠯᠪᠤᠰᠤ ᠪᠠᠨ ᠠᠷᠴᠢᠵᠤ ᠪᠠᠶ᠋ᠢᠪᠠ᠃
ᠬᠣᠶᠠᠭᠤᠯᠠ ᠠᠶ᠋ᠢᠮᠠᠭ ᠲᠤ᠌ ᠬᠦᠷᠴᠦ ᠨᠢᠰᠬᠡᠯ ᠳ᠋ᠦ᠍ ᠭᠠᠷᠤᠭᠰᠠᠨ ᠪᠢᠯᠢᠭᠲᠦ 《 ᠡᠨᠡ ᠬᠦᠦ ᠨᠠᠮ᠎ᠠ ᠶ᠋ᠢ ᠬᠤᠳᠠᠯ ᠬᠡᠯᠡᠵᠦ ᠪᠠᠶ᠋ᠢᠨ᠎ᠠ ᠳ᠋ᠠ ᠂ ᠪᠤᠨᠳᠤᠭᠤᠷ ᠮᠢᠨᠢ ᠮᠠᠭᠠᠳ ᠤᠴᠢᠷ ᠭᠠᠷᠤᠭᠰᠠᠨ ᠁ 》 ᠬᠡᠵᠤ ᠳᠣᠲᠣᠷ᠎ᠠ ᠨᠢ ᠬᠠᠷᠠᠩᠭᠤᠶ᠋ᠢᠯᠠᠵᠤ ᠠᠴᠢ ᠬᠦᠦ ᠠ᠋ᠴᠠ ᠪᠠᠨ 《 ᠪᠤᠨᠳᠤᠭᠤᠷ ᠮᠢᠨᠢ ᠵᠦᠭᠡᠷ ᠪᠢᠵᠡ ? 》 ᠬᠡᠵᠤ ᠪᠠᠶ᠋ᠢᠨ ᠪᠠᠶ᠋ᠢᠨ ᠠᠰᠠᠭᠤᠵᠤ ᠯᠠ ᠪᠠᠶ᠋ᠢᠯ᠎ᠠ᠃ ᠳᠡᠳᠡ ᠨᠢᠰᠬᠡᠯ ᠡᠴᠡ ᠪᠠᠭᠤᠨ ᠲᠣᠭᠲᠠᠭᠰᠠᠨ ᠭᠠᠵᠠᠷ ᠢᠶ᠋ᠠᠨ ᠬᠦᠷᠬᠦ ᠳ᠋ᠦ᠍ ᠪᠢᠯᠢᠭᠲᠦ ᠦᠪᠡᠷ ᠤᠨ ᠰᠠᠷᠠᠯ ᠢᠶ᠋ᠠᠷ ᠢᠶ᠋ᠠᠨ ᠡᠮᠨᠡᠯᠭᠡ ᠪᠣᠯᠬᠤ ᠶ᠋ᠢ ᠮᠡᠳᠡᠷᠡᠵᠦ ᠪᠠᠶ᠋ᠢᠲᠠᠯ᠎ᠠ ᠲᠥᠪᠡᠳ ᠬᠡᠯᠡ ᠲᠡᠢ ᠨᠢᠭᠡ ᠪᠦᠰᠡᠭᠦᠢ ᠲᠡᠷᠡ ᠬᠣᠶᠠᠷ ᠲᠠᠢ ᠮᠡᠨᠳᠦᠯᠡᠨ ᠄
— ᠠᠯᠢ ᠨᠢ ᠪᠤᠨᠳᠤᠭᠤᠷ ᠤᠨ ᠠᠪᠠᠭ᠎ᠠ ᠨᠢ ᠪᠤᠢ ? ᠬᠡᠵᠤ ᠲᠠᠨᠢᠯᠴᠠᠭᠠᠳ ᠪᠢᠯᠢᠭᠲᠦ ᠳ᠋ᠤ᠌ ᠭᠦᠨ ᠶᠣᠰᠣ ᠬᠢᠵᠦ ᠬᠠᠳᠠᠭ ᠲᠡᠳᠡᠨ ᠵᠣᠯᠭᠠᠯ᠎ᠠ ᠃ ᠲᠡᠷᠡ ᠪᠦᠰᠡᠭᠦᠢ ᠶ᠋ᠢᠨ ᠳᠠᠭᠤ ᠬᠡᠳᠦᠨ ᠬᠤᠪᠢ ᠶ᠋ᠢᠨ ᠤᠶᠠᠷᠠᠩᠭᠤᠢ ᠰᠣᠨᠣᠰᠳᠠᠭᠰᠠᠨ ᠳ᠋ᠤ᠌ ᠪᠢᠯᠢᠭᠲᠦ ᠪᠤᠳᠤᠯ ᠤᠯᠠᠮ ᠬᠥᠨᠲᠥᠷᠦᠨ 《 ᠪᠤᠨᠳᠤᠭᠤᠷ ᠮᠢᠨᠢ ᠶᠠᠭᠠᠬᠢᠭᠰᠠᠨ ᠪᠤᠯ ? ᠶᠠᠮᠠᠷ ᠬᠡᠷᠡᠭ ᠭᠠᠷᠴᠢᠬᠠᠭᠰᠠᠨ ᠪᠤᠯ ? 》 ᠬᠡᠵᠤ ᠵᠢᠷᠦᠬᠡ ᠳᠥᠭᠰᠢᠭᠰᠡᠭᠡᠷ ᠠᠴᠢ ᠬᠦᠦ ᠪᠡᠷ ᠢᠶ᠋ᠡᠨ ᠵᠠᠮᠴᠢᠯᠠᠭᠤᠯᠤᠨ ᠨᠢᠭᠡ ᠥᠷᠥᠭᠡᠨ ᠳ᠋ᠦ᠍ ᠣᠷᠣᠯ᠎ᠠ᠃ ᠲᠡᠭᠡᠵᠦ ᠡᠯᠳᠡᠪ ᠢ ᠪᠣᠳᠣᠨ ᠰᠠᠭᠤᠵᠤ ᠪᠠᠶ᠋ᠢᠲᠠᠯ᠎ᠠ ᠪᠠᠷᠭᠢᠯ ᠬᠣᠭᠣᠯᠠᠢ ᠲᠠᠢ ᠨᠢᠭᠡ ᠬᠥᠮᠦᠨ ᠥᠷᠥᠭᠡᠨ ᠳ᠋ᠦ᠍ ᠣᠷᠣᠵᠤ ᠢᠷᠡᠭᠡᠳ ᠠᠴᠢ ᠬᠦᠦ ᠲᠡᠢ ᠨᠢ ᠲᠠᠨᠢᠯᠴᠠᠵᠤ ᠨᠢᠲᠤ ᠰᠤᠯᠢᠬᠤ ᠮᠡᠰᠡ ᠵᠠᠰᠠᠯ ᠤᠨ ᠭᠡᠷ᠎ᠡ ᠪᠢᠴᠢᠭ ᠲᠦ᠍ ᠭᠠᠷ ᠤᠨ ᠦᠰᠦᠭ ᠵᠢᠷᠤᠬᠤ ᠲᠤᠬᠠᠢ ᠶᠠᠷᠢᠶ᠎ᠠ ᠪᠣᠯᠵᠤ ᠡᠬᠢᠯᠡᠪᠡ᠃ ᠡᠭᠦᠨ ᠢ ᠰᠣᠨᠣᠰᠤᠮᠠᠭᠴᠠ ᠪᠢᠯᠢᠭᠲᠦ ᠶ᠋ᠢᠨ ᠳᠣᠲᠣᠷ᠎ᠠ ᠨᠢᠭᠡᠯᠡ ᠬᠠᠷᠠᠯᠠᠵᠤ ᠄
— ᠪᠤᠨᠳᠤᠭᠤᠷ ᠮᠢᠨᠢ ᠠ᠋ ᠭᠡᠳ ᠳᠠᠭᠤ ᠲᠠᠯᠪᠢᠨ ᠤᠬᠢᠯᠠᠯ᠎ᠠ ! ᠠᠴᠢ ᠬᠦᠦ ᠪᠣᠯᠤᠨ ᠡᠮᠴᠢ ᠰᠤᠪᠢᠯᠠᠭᠴᠢ ᠰᠠᠨᠳᠤᠷᠤᠨ ᠲᠡᠭᠦᠨ ᠢ ᠠᠷᠭᠠᠳᠠᠵᠤ ᠪᠠᠶ᠋ᠢᠲᠠᠯ᠎ᠠ ᠨᠢᠰᠬᠡᠯ ᠦᠨ ᠪᠠᠭᠤᠳᠠᠯ ᠳ᠋ᠤ᠌ ᠠᠬ᠎ᠠ ᠪᠣᠯᠤᠨ ᠠᠪᠠᠭ᠎ᠠ ᠪᠠᠨ ᠲᠤᠰᠬᠤ ᠪᠠᠷ ᠵᠠᠮ ᠵᠥᠷᠢᠭᠰᠡᠨ ᠪᠣᠨᠲᠣᠭᠣᠷ ᠨᠢ ᠲᠥᠪᠯᠡᠭᠦᠨ ᠭᠡᠭᠴᠢ ᠲᠥᠪᠡᠳ ᠵᠠᠯᠠᠭᠤ ᠲᠠᠢ ᠬᠠᠮᠲᠤ ᠥᠷᠥᠭᠡᠨ ᠳ᠋ᠦ᠍ ᠣᠷᠣᠵᠤ ᠢᠷᠡᠯ᠎ᠡ᠃ ᠪᠤᠨᠳᠤᠭᠤᠷ ᠠᠬ᠎ᠠ ᠲᠠᠢ ᠪᠠᠨ ᠦᠭᠡ ᠴᠦ᠍ ᠰᠣᠯᠢᠵᠤ ᠠᠮᠵᠢᠯ ᠦᠭᠡᠢ ᠤᠬᠢᠯᠠᠵᠤ ᠪᠠᠶ᠋ᠢᠭ᠎ᠠ ᠠᠪᠠᠭ᠎ᠠ ᠪᠠᠨ ᠲᠡᠪᠡᠷᠢᠨ ᠄
— ᠠᠪᠠᠭ᠎ᠠ ᠠ᠋ ᠂ ᠪᠢ ᠡᠨᠳᠡ ᠪᠠᠶ᠋ᠢᠨ᠎ᠠ ᠂ ᠪᠢ ᠡᠨᠳᠡ ᠪᠠᠶ᠋ᠢᠨ᠎ᠠ ᠰᠢᠦ ! ᠭᠡᠵᠦ ᠨᠢᠯᠪᠤᠰᠤ ᠤᠨᠠᠭᠠᠭᠰᠠᠨ ᠢᠶ᠋ᠠᠨ᠄
— ᠬᠣᠷᠢᠨ ᠵᠢᠯ ᠦᠨ ᠡᠮᠦᠨ᠎ᠡ ᠲᠠ ᠭᠠᠯ ᠤᠨ ᠠᠶᠤᠯ ᠠ᠋ᠴᠠ ᠨᠢᠭᠡ ᠲᠥᠪᠡᠳ ᠬᠡᠦᠬᠡᠳ ᠢ ᠠᠪᠤᠷᠠᠭᠰᠠᠨ ᠪᠢᠰᠢ ᠤᠤ ? ᠲᠡᠷᠡ ᠬᠦᠦ ᠴᠢᠨᠢ ᠨᠠᠳᠠ ᠲᠠᠢ ᠬᠠᠮᠲᠤ ᠰᠤᠳᠤᠯᠬᠤ ᠰᠤᠷᠤᠭᠴᠢ ᠪᠣᠯᠴᠢᠬᠠᠭᠰᠠᠨ᠃ ᠣᠳᠣ ᠲᠡᠭᠦᠨ ᠦ ᠠᠪᠤ ᠨᠢ ᠠᠭᠤᠰᠬᠢᠨ ᠥᠮᠡᠨ ᠦ ᠰᠡᠭᠦᠯᠴᠢ ᠶ᠋ᠢᠨ ᠬᠤᠭᠤᠴᠠᠭ᠎ᠠ ᠪᠤᠯᠵᠤ ᠬᠡᠷᠡᠭᠴᠡᠭᠡ ᠲᠡᠢ ᠡᠷᠬᠡᠲᠡᠨ ᠢᠶ᠋ᠡᠨ ᠪᠤᠶᠠᠨ ᠤ ᠦᠢᠯᠡᠰ ᠲᠦ᠍ ᠡᠷᠭᠦᠬᠦ ᠪᠡᠷ ᠪᠣᠯᠵᠤ ᠠᠮᠢᠰᠬᠤᠯ ᠬᠤᠷᠢᠶᠠᠬᠤ ᠠ᠋ᠴᠠ ᠪᠠᠨ ᠡᠮᠦᠨ᠎ᠡ ᠬᠦᠦ ᠶ᠋ᠢ ᠨᠢ ᠠᠪᠤᠷᠠᠭᠰᠠᠨ ᠠᠴᠢᠲᠤ ᠬᠥᠮᠦᠨ ᠪᠣᠯᠬᠣ ᠲᠠᠨ ᠲᠠᠢ ᠠᠭᠤᠯᠵᠠᠵᠤ ᠨᠢᠳᠦ ᠪᠡᠨ ᠬᠠᠨᠳᠢᠪᠯᠠᠬᠤ ᠪᠠᠷ ᠲᠠᠨ ᠢ ᠳᠠᠭᠤᠳᠠᠭᠰᠠᠨ ᠶᠤᠮ ᠭᠡᠪᠡ᠃
ᠠᠪᠠᠭ᠎ᠠ ᠶ᠋ᠢ ᠨᠢ ᠢᠷᠡᠬᠦ ᠪᠠᠷ ᠬᠠᠳᠠᠭ ᠲᠠᠢ ᠵᠣᠯᠭᠠᠭᠰᠠᠨ ᠲᠥᠪᠡᠳ ᠪᠦᠰᠡᠭᠦᠢ ᠪᠣᠨᠲᠣᠭᠣᠷ ᠲᠠᠢ ᠬᠠᠮᠲᠤ ᠤᠷᠤᠵᠤ ᠢᠷᠡᠭᠰᠡᠨ ᠵᠠᠯᠠᠭᠤ ᠶ᠋ᠢᠨ ᠵᠦᠭ᠄
— ᠮᠢᠨᠦ ᠬᠦᠦ ᠂ ᠪᠤᠷᠬᠠᠨ ᠰᠡᠳᠬᠢᠯ ᠲᠡᠢ ᠠᠴᠢᠲᠤ ᠬᠥᠮᠦᠨ ᠳ᠋ᠡᠭᠡᠨ ᠶᠣᠰᠣᠯᠠᠨ ᠮᠥᠷᠭᠥ ! ᠬᠡᠵᠤ ᠨᠢᠯᠪᠤᠰᠤ ᠪᠠᠨ ᠰᠡᠮ ᠰᠡᠮ ᠠᠷᠴᠢᠵᠤ ᠪᠠᠶ᠋ᠢᠪᠠ᠃ ᠨᠠᠷᠢᠨ ᠤᠴᠢᠷ ᠢ ᠣᠶ᠋ᠢᠯᠠᠭᠠᠭᠰᠠᠨ ᠥᠷᠥᠭᠡᠨ ᠳ᠋ᠦ᠍ ᠪᠠᠶ᠋ᠢᠭ᠎ᠠ ᠡᠮᠴᠢ ᠰᠤᠪᠢᠯᠠᠭᠴᠢ ᠶ᠋ᠢᠨ ᠰᠡᠳᠬᠢᠯ ᠨᠢ ᠥᠪᠡᠷ ᠦᠨ ᠡᠷᠬᠡ ᠦᠭᠡᠢ ᠬᠥᠳᠡᠯᠵᠦ ᠲᠤᠩᠭᠠᠯᠠᠭ ᠠᠯᠠᠭ ᠮᠡᠯᠮᠡᠢ ᠳ᠋ᠤ᠌ ᠨᠢ ᠬᠠᠶ᠋ᠢᠷ᠎ᠠ ᠶ᠋ᠢᠨ ᠵᠠᠶ᠋ᠢᠷ ᠮᠡᠯᠲᠡᠭᠡᠨᠡᠪᠡ᠃
ᠡᠨᠡ ᠦᠶ᠎ᠡ ᠳ᠋ᠦ᠍ ᠠᠪᠠᠭ᠎ᠠ ᠶ᠋ᠢᠨ ᠬᠢᠨᠢ ᠰᠡᠳᠬᠢᠯ ᠳ᠋ᠦ᠍ ᠪᠣᠭᠳᠠ ᠠᠭᠤᠯᠠ ᠶ᠋ᠢᠨ ᠬᠤᠪᠢᠯᠭᠠᠨ ᠭᠡᠷᠡᠯ ᠰᠠᠴᠤᠷᠠᠨ ᠬᠠᠷᠠᠭᠳᠠᠭᠰᠠᠨ ᠰᠢᠭ᠋ ᠪᠣᠯᠵᠤ ᠬᠥᠮᠦᠨ ᠡᠷᠳᠡᠨᠢ ᠪᠤᠯᠤᠭᠰᠠᠨ ᠠᠴᠢ ᠬᠦᠦ ᠶ᠋ᠢᠨ ᠢᠶ᠋ᠡᠨ ᠠᠮᠢᠳᠤ ᠮᠡᠨᠳᠦᠬᠡᠨ ᠪᠠᠶ᠋ᠢᠭ᠎ᠠ ᠶ᠋ᠢ ᠳᠠᠭᠤ ᠦᠨᠦᠷ ᠢᠶ᠋ᠡᠷ ᠨᠢ ᠮᠡᠳᠡᠷᠡᠵᠦ ᠰᠡᠳᠬᠢᠯ ᠳᠣᠭᠳᠣᠯᠬᠤ ᠳ᠋ᠤ᠌ ᠪᠠᠨ ᠬᠦᠵᠦᠭᠦᠨ ᠳᠡᠭᠡᠷᠡᠬᠢ ᠬᠥᠭᠡᠷᠦᠬᠦᠨ ᠪᠤᠷᠤ ᠮᠡᠩᠭᠡ ᠶ᠋ᠢ ᠨᠢ ᠵᠥᠭᠡᠯᠡᠨ ᠵᠥᠭᠡᠯᠡᠨ ᠲᠡᠮᠲᠡᠷᠢᠭᠡᠳ ᠤᠬᠢᠯᠠᠵᠤ ᠯᠡ ᠪᠠᠶ᠋ᠢᠯ᠎ᠠ ᠁
ᠠᠩᠬ᠎ᠠ ᠳᠤᠮᠳᠠᠳᠤ ᠶ᠋ᠢᠨ ᠡᠪᠦᠯ ᠤᠨ ᠠᠮᠠᠷᠠᠯᠲᠠ ᠶ᠋ᠢᠨ < ᠠᠮᠲᠠᠷᠬᠠᠨ ᠤᠩᠰᠢᠬᠤᠢ > ᠡᠴᠡ ᠬᠠᠭᠤᠯᠤᠨ ᠪᠢᠴᠢᠪᠡ᠃
ᠦᠰᠦᠭ ᠠᠮᠢᠯᠠᠭᠤᠯᠤᠭᠰᠠᠨ ᠨᠢ ᠄ ᠴᠤᠯᠮᠤᠨᠲᠤᠶᠠᠭ᠎ᠠ
ᠬᠢᠨᠠᠭ᠍ᠴᠢ᠄ ᠳᠠᠪᠰᠢᠯᠲᠤ᠂ ᠲᠤᠭ᠍ᠴᠢ ᠰᠠᠷᠠᠨ᠎ᠠ
