ᠴᠠᠬᠠᠷ ᠨᠠᠢ᠍ᠮᠠᠨ ᠬᠣᠰᠢᠭᠤЦахар найман хошуу
ᠴᠠᠬᠠᠷ ᠨᠠᠢ᠍ᠮᠠᠨ ᠬᠣᠰᠢᠭᠤ
ᠬᠦᠷᠳᠦ ᠬᠡᠶ᠋ᠢᠰᠦᠮᠡᠷ ᠰᠠᠯᠬᠢᠨ ᠠ᠋
ᠬᠥᠪᠴᠢ ᠲᠡᠰᠦᠷᠡᠮᠡᠷ ᠬᠦᠢᠲᠡᠨ ᠠ᠋
ᠬᠦᠴᠦᠷᠬᠡᠭ ᠡᠵᠡᠨ ᠦ᠌ ᠬᠦᠨᠳᠦ ᠵᠠᠷᠯᠢᠭ ᠢ᠋ᠶ᠋ᠠᠷ
ᠬᠡᠳᠦ ᠶ᠋ᠢᠨ ᠬᠣᠯᠠ ᠳ᠋ᠤ᠌ ᠮᠣᠷᠳᠠᠨ᠎ᠠ ᠳ᠋ᠠ
ᠨᠤᠮᠤ ᠭᠠᠵᠢᠮᠠᠷ ᠨᠣᠶ᠋ᠢᠲᠠᠨ ᠠ᠋
ᠨᠣᠭᠲᠣ ᠴᠠᠩᠲᠤᠮᠠᠷ ᠬᠦᠢᠲᠡᠨ ᠠ᠋
ᠨᠣᠶᠠᠨ ᠤ᠋ ᠵᠠᠷᠯᠢᠭ ᠬᠠᠲᠠᠭᠤ ᠪᠠᠢᠨ᠎ᠠ
ᠨᠤᠲᠤᠭ ᠠ᠋ᠴᠠ ᠪᠠᠨ ᠰᠠᠯᠵᠤ ᠮᠣᠷᠳᠠᠨ᠎ᠠ ᠳ᠋ᠠ
ᠠᠷᠠᠰᠤᠨ ᠰᠠᠭᠠᠳᠠᠭ ᠢ᠋ ᠮᠢᠨᠢ ᠪᠠᠷᠢᠭᠠᠳ
ᠠᠯᠢᠶ᠎ᠠ ᠦᠷ᠎ᠡ ᠮᠢᠨᠢ ᠢᠨᠢᠶᠡᠨ᠎ᠡ ᠳ᠋ᠠ
ᠠᠯᠤᠰ ᠲᠤ᠌ ᠮᠣᠷᠳᠠᠬᠤ ᠶ᠋ᠢ ᠮᠡᠳᠡᠬᠦ ᠦᠭᠡᠢ
ᠠᠪᠠ ᠳ᠋ᠤ᠌ ᠭᠠᠷᠬᠤ ᠭᠡᠵᠦ ᠪᠠᠶᠠᠷᠯᠠᠨ᠎ᠠ ᠃
ᠬᠦᠳᠡᠷ ᠬᠤᠶᠠᠭ ᠢ᠋ᠶ᠋ᠠᠨ ᠡᠮᠦᠰᠬᠦ ᠳ᠋ᠦ᠍
ᠬᠥᠭᠰᠢᠨ ᠡᠵᠢ ᠮᠢᠨᠢ ᠤᠶᠠᠷᠠᠨ᠎ᠠ
ᠬᠥᠳᠡᠭᠡ ᠨᠤᠲᠤᠭ ᠠ᠋ᠴᠠ ᠪᠠᠨ ᠰᠠᠯᠤᠭᠠᠳ ᠶᠠᠪᠤᠪᠠᠯ
ᠬᠦᠦ ᠮᠢᠨᠢ ᠬᠡᠵᠢᠶ᠎ᠡ ᠪᠤᠴᠠᠶ᠎ᠠ ᠳ᠋ᠠ ᠃
ᠠᠭᠲᠠ ᠬᠦᠯᠦᠭ ᠲᠡᠭᠡᠨ ᠮᠣᠷᠳᠠᠬᠤ ᠳ᠋ᠤ᠌
ᠠᠮᠠᠷᠠᠭ ᠬᠣᠩᠭᠣᠷ ᠮᠢᠨᠢ ᠭᠤᠲᠤᠷᠠᠨ᠎ᠠ
ᠠᠷᠤ ᠳᠡᠨᠵᠢᠨ ᠳᠡᠭᠡᠷ᠎ᠡ ᠭᠠᠭᠴᠠᠭᠠᠷ ᠬᠣᠴᠣᠷᠴᠤ
ᠠᠯᠴᠢᠭᠤᠷ ᠵᠠᠨ ᠳᠠᠯᠠᠯᠵᠤ ᠵᠣᠭᠰᠣᠨ᠎ᠠ
ᠥᠨᠳᠥᠷ ᠰᠠᠷᠠᠯ ᠮᠣᠷᠢ ᠮᠢᠨᠢ
ᠦᠦᠷᠰᠡᠨ ᠦᠦᠷᠰᠡᠨ ᠢᠨᠴᠠᠭᠠᠨ᠎ᠠ
ᠥᠪᠡᠷᠦᠨ ᠤᠨᠠᠭ᠎ᠠ ᠠ᠋ᠴᠠ ᠪᠠᠨ ᠰᠠᠯᠵᠤ
ᠡᠵᠡᠨ ᠦ᠌ ᠴᠡᠷᠢᠭ ᠲᠦ᠍ ᠮᠣᠷᠳᠠᠨ᠎ᠠ ᠃
ᠵᠠᠬ᠎ᠠ ᠬᠢᠵᠠᠭᠠᠷ ᠤ᠋ᠨ ᠭᠠᠵᠠᠷ
ᠵᠠᠬᠢᠳᠠᠯ ᠴᠢᠮᠡᠭᠡ ᠨᠡᠪᠲᠡᠷᠡᠬᠦ ᠦᠭᠡᠢ
ᠵᠠᠯᠠᠭᠤ ᠨᠠᠰᠤᠨ ᠤ᠋ ᠠᠯᠲᠠᠨᠯᠢᠩᠬᠤᠠ
ᠵᠠᠭᠤᠢ ᠬᠡᠳᠦᠨ ᠵᠢᠯ ᠬᠦᠯᠢᠶᠡᠯ᠎ᠡ ᠳ᠋ᠠ ᠃
ᠥᠲᠡᠯᠦᠭᠰᠡᠨ ᠪᠤᠭᠤᠷᠤᠯ ᠡᠵᠢ ᠴᠢᠨᠢ
ᠦᠷ᠎ᠡ ᠪᠡᠨ ᠰᠠᠨᠠᠮᠠᠨᠵᠢᠨ ᠤᠬᠢᠯᠠᠨ᠎ᠠ
ᠥᠰᠪᠥᠷᠢ ᠶ᠋ᠢᠨ ᠪᠠᠭ᠎ᠠ ᠬᠦᠦ ᠴᠢᠨᠢ
ᠥᠪᠡᠷᠦᠨ ᠡᠴᠢᠭᠡ ᠪᠡᠨ ᠠᠰᠠᠭᠤᠨ᠎ᠠ ᠃
ᠴᠠᠢ ᠪᠠᠨ ᠤᠤᠭᠤᠪᠠᠴᠤ ᠵᠠᠩᠭᠢᠷᠠᠨ᠎ᠠ
ᠴᠢᠪᠠᠭ᠎ᠠ ᠪᠠᠨ ᠢᠳᠡᠪᠡᠴᠦ ᠬᠠᠳᠠᠭᠠᠯᠠᠨ᠎ᠠ
ᠴᠢᠪᠠᠭᠠᠨᠴᠠ ᠪᠤᠭᠤᠷᠤᠯ ᠡᠵᠢ ᠴᠢᠨᠢ
ᠴᠠᠭ ᠤ᠋ᠨ ᠴᠠᠭ ᠲᠤ᠌ ᠪᠠᠨ ᠳᠤᠷᠠᠰᠤᠨ᠎ᠠ ᠃
ᠥᠭᠡᠬᠦ ᠪᠡᠨ ᠢᠳᠡᠪᠡᠴᠦ ᠴᠠᠷᠴᠠᠭᠠᠨ᠎ᠠ
ᠦᠬᠡᠷ ᠢ᠋ᠶ᠋ᠡᠨ ᠠᠯᠠᠪᠠᠴᠤ ᠦᠯᠡᠳᠡᠭᠡᠨ᠎ᠡ
ᠥᠲᠡᠯᠦᠭᠰᠡᠨ ᠪᠤᠭᠤᠷᠤᠯ ᠡᠵᠢ ᠴᠢᠨᠢ
ᠡᠳᠦᠷ ᠦ᠋ᠨ ᠡᠳᠦᠷ ᠲᠡᠭᠡᠨ ᠬᠦᠯᠢᠶᠡᠨ᠎ᠡ ᠃
ᠪᠣᠷᠣᠭᠠᠨ ᠣᠷᠣᠪᠠᠯ ᠨᠣᠷᠬᠤ ᠶᠤᠮ ᠦᠦ
ᠪᠤᠳᠠᠩ ᠲᠠᠲᠠᠪᠠᠯ ᠲᠥᠭᠡᠷᠢᠬᠦ ᠶᠦ᠍ᠮ ᠦᠦ
ᠪᠣᠳᠣᠵᠤ ᠰᠠᠨᠠᠬᠤ ᠪᠤᠭᠤᠷᠤᠯ ᠡᠵᠢ ᠴᠢᠨᠢ
ᠪᠤᠷᠬᠠᠨ ᠳ᠋ᠤ᠌ ᠪᠠᠨ ᠵᠠᠯᠪᠠᠷᠢᠨ ᠳᠠᠭᠠᠳᠬᠠᠨ᠎ᠠ ᠃
ᠰᠠᠯᠬᠢᠨ ᠬᠥᠳᠡᠯᠪᠡᠯ ᠵᠢᠩᠭᠢᠨᠡᠬᠦ ᠶᠦ᠍ᠮ ᠦᠦ
ᠴᠠᠰᠤ ᠰᠢᠭᠤᠷᠪᠠᠯ ᠪᠡᠭᠡᠷᠡᠬᠦ ᠶᠦ᠍ᠮ ᠦᠦ
ᠰᠢᠪᠰᠢᠵᠦ ᠰᠠᠨᠠᠬᠤ ᠬᠥᠭᠰᠢᠨ ᠡᠵᠢ ᠴᠢᠨᠢ
ᠱᠠᠭᠵᠠᠮᠤᠨᠢ ᠪᠤᠷᠬᠠᠨ ᠳ᠋ᠤ᠌ ᠪᠠᠨ ᠳᠠᠭᠠᠳᠬᠠᠨ᠎ᠠ ᠃
ᠲᠤᠯᠤᠨ ᠨᠠᠭᠤᠷ ᠮᠦᠭᠳᠡᠨ ᠬᠣᠯᠠ ᠪᠠᠢᠨ᠎ᠠ
ᠳᠣᠯᠣᠭᠠᠨ ᠮᠢᠩᠭᠠᠨ ᠮᠣᠳᠣ ᠪᠠᠢᠨ᠎ᠠ
ᠳᠣᠲᠣᠨᠣ ᠠᠮᠠᠷᠠᠭ ᠢ᠋ᠶ᠋ᠠᠨ ᠡᠷᠢᠵᠦ ᠣᠴᠢᠬᠤ ᠪᠠᠷ
ᠳᠣᠲᠣᠷ᠎ᠠ ᠪᠠᠨ ᠪᠣᠳᠣᠭᠠᠳ ᠰᠢᠭᠤᠳᠤᠯ᠎ᠠ
ᠠᠮᠪᠠᠨ ᠬᠣᠲᠠ(1) ᠴᠠᠬᠠᠷ ᠠ᠋ᠴᠠ ᠬᠣᠯᠠ ᠪᠠᠢᠨ᠎ᠠ
ᠠᠷᠪᠠᠨ ᠮᠢᠩᠭᠠᠨ ᠮᠣᠳᠣ ᠪᠠᠢᠨ᠎ᠠ
ᠠᠮᠠᠷᠠᠭ ᠬᠣᠩᠭᠣᠷ ᠢ᠋ᠶ᠋ᠠᠨ ᠡᠷᠢᠵᠦ ᠣᠴᠢᠬᠤ ᠪᠠᠷ
ᠠᠯᠲᠠᠨᠯᠢᠩᠬᠤᠠ ᠰᠢᠭᠤᠳᠤᠯ᠎ᠠ ᠃
ᠬᠦᠯᠦᠭ ᠮᠣᠷᠢᠨ ᠳ᠋ᠠᠭᠠᠨ ᠮᠣᠷᠳᠠᠯ᠎ᠠ
ᠬᠥᠯᠥᠨ ᠪᠣᠶ᠋ᠢᠷ ᠵᠦᠭ ᠴᠢᠭᠯᠡᠯ᠎ᠡ
ᠬᠥᠭᠰᠢᠨ ᠡᠵᠢ ᠪᠣᠯᠤᠨ ᠪᠢᠴᠢᠬᠠᠨ ᠬᠦᠦ ᠨᠢ
ᠬᠥᠳᠡᠭᠡ ᠲᠠᠯ᠎ᠠ ᠳ᠋ᠠᠭᠠᠨ ᠬᠣᠴᠣᠷᠤᠯ᠎ᠠ ᠃
ᠠᠭᠲᠠ ᠮᠣᠷᠢᠨ ᠳ᠋ᠠᠭᠠᠨ ᠮᠣᠷᠳᠠᠯ᠎ᠠ
ᠠᠮᠪᠠᠨ ᠬᠣᠲᠠ ᠵᠦᠭ ᠴᠢᠭᠯᠡᠯ᠎ᠡ
ᠠᠯᠲᠠᠨᠯᠢᠩᠬᠤᠠ ᠨᠤᠲᠤᠭ ᠠ᠋ᠴᠠ ᠪᠠᠨ ᠰᠠᠯᠵᠤ
ᠠᠶᠠᠨ ᠵᠠᠮ ᠢ᠋ᠶ᠋ᠠᠨ ᠬᠥᠭᠡᠭᠡᠯ᠎ᠡ ᠃
ᠲᠠᠭᠠᠷᠠᠭᠰᠠᠨ ᠪᠦᠭᠦᠳᠡ ᠡᠴᠡ ᠠᠰᠠᠭᠤᠬᠤᠯᠠᠷ
ᠲᠠᠨᠢᠳᠠᠭ ᠭᠡᠵᠦ ᠪᠠᠶ᠋ᠢᠳᠠᠭ ᠦᠭᠡᠢ
ᠲᠠᠯ᠎ᠠ ᠶ᠋ᠢᠨ ᠳᠤᠮᠳᠠ ᠲᠡᠨᠦᠵᠦ ᠶᠠᠪᠤᠳᠠᠭ
ᠠᠯᠲᠠᠨᠯᠢᠩᠬᠤᠠ ᠬᠥᠭᠡᠷᠦᠬᠦᠢ ᠳ᠋ᠠ ᠃
ᠬᠡᠯᠡᠯᠴᠡᠭᠰᠡᠨ ᠪᠦᠭᠦᠳᠡ ᠡᠴᠡ ᠰᠤᠷᠠᠭᠯᠠᠬᠤᠯᠠᠷ
ᠬᠡᠨ ᠠᠯᠢᠨ ᠴᠤ᠌ ᠭᠡᠳ ᠲᠠᠨᠢᠳᠠᠭ ᠦᠭᠡᠢ
ᠬᠡᠭᠡᠷ᠎ᠡ ᠲᠠᠯ᠎ᠠ ᠪᠠᠷ ᠬᠡᠰᠦᠵᠦ ᠶᠠᠪᠤᠳᠠᠭ
ᠠᠯᠲᠠᠨᠯᠢᠩᠬᠤᠠ ᠬᠥᠭᠡᠷᠦᠬᠦᠢ ᠳ᠋ᠠ ᠃
ᠬᠦᠯᠦᠭ ᠮᠣᠷᠢ ᠶᠤᠭᠠᠨ ᠠᠯᠳᠠᠴᠢᠬᠠᠯ᠎ᠠ
ᠬᠥᠨᠳᠡᠢ ᠲᠠᠯ᠎ᠠ ᠪᠠᠷ ᠡᠷᠢᠵᠦ ᠶᠠᠪᠤᠨ᠎ᠠ
ᠬᠥᠮᠦᠨ ᠦ᠌ ᠮᠣᠷᠢ ᠲᠠᠢ ᠨᠡᠶ᠋ᠢᠯᠡᠵᠦ ᠵᠣᠭᠰᠣᠭᠠᠳ
ᠬᠦᠵᠦᠭᠦᠦ ᠪᠡᠨ ᠰᠦᠯᠢᠯᠡᠨ ᠢᠵᠢᠯᠢᠰᠢᠨᠡ ᠃
ᠦᠷᠢᠶ᠎ᠡ ᠮᠣᠷᠢ ᠶᠤᠭᠠᠨ ᠠᠯᠳᠠᠴᠢᠬᠠᠯ᠎ᠠ
ᠥᠷᠭᠡᠨ ᠲᠠᠯ᠎ᠠ ᠪᠠᠷ ᠡᠷᠢᠵᠦ ᠶᠠᠪᠤᠨ᠎ᠠ
ᠥᠭᠡᠷ᠎ᠡ ᠬᠥᠮᠦᠨ ᠦ᠌ ᠮᠣᠷᠢ ᠲᠠᠢ ᠨᠡᠶ᠋ᠢᠯᠡᠵᠦ ᠵᠣᠭᠰᠣᠭᠠᠳ
ᠦᠰᠦ ᠪᠡᠨ ᠦᠨᠦᠷᠲᠦᠨ ᠢᠵᠢᠯᠢᠰᠢᠨᠡ ᠃
ᠲᠠᠰᠢᠭᠤᠷ ᠢ᠋ᠶ᠋ᠠᠨ ᠪᠠᠷᠢᠭᠠᠳ ᠬᠦᠷᠬᠦᠯᠡᠷ
ᠲᠡᠷᠡ ᠴᠦ᠍ ᠮᠣᠷᠢ ᠬᠠᠷᠢᠨ ᠬᠤᠯᠮᠠᠯᠵᠠᠨᠠ
ᠲᠠᠰᠢᠶ᠎ᠠ ᠳᠡᠭᠡᠷ᠎ᠡ ᠨᠢ ᠳᠠᠷᠤᠭᠠᠳ ᠲᠠᠯᠪᠢᠭᠰᠠᠨ
ᠲᠠᠮᠠᠭ᠎ᠠ ᠶ᠋ᠢ ᠨᠢ ᠦᠵᠡᠭᠡᠳ ᠲᠠᠨᠢᠯ᠎ᠠ ᠳ᠋ᠠ ᠃
ᠠᠰᠲᠠᠭᠠᠨ ᠬᠥᠮᠦᠨ ᠦ᠌ ᠮᠣᠷᠢ ᠪᠢᠰᠢ
ᠠᠮᠠᠷᠠᠭ ᠤ᠋ᠨ ᠮᠢᠨᠢ ᠤᠨᠤᠭᠰᠠᠨ ᠮᠣᠷᠢ ᠪᠠᠶ᠋ᠢᠨ᠎ᠠ
ᠠᠯᠳᠠᠭᠰᠠᠨ ᠮᠣᠷᠢᠨ ᠤ᠋ ᠪᠠᠨ ᠰᠠᠢᠨ ᠢ᠋ᠶ᠋ᠠᠷ
ᠠᠯᠲᠠᠨᠯᠢᠩᠬᠤᠠ ᠬᠣᠩᠭᠣᠷ ᠲᠠᠢ ᠪᠠᠨ ᠤᠴᠠᠷᠠᠯ᠎ᠠ ᠃
ᠮᠠᠨᠳᠤᠵᠤ ᠭᠠᠷᠬᠤ ᠨᠠᠷᠠ ᠶ᠋ᠢ
ᠮᠠᠨᠠᠨ ᠪᠤᠳᠠᠩ ᠪᠦᠷᠬᠦᠨ᠎ᠡ
ᠮᠠᠨ ᠤ᠋ ᠨᠤᠲᠤᠭ ᠴᠠᠬᠠᠷ ᠨᠠᠢ᠍ᠮᠠᠨ ᠬᠣᠰᠢᠭᠤ ᠴᠢᠨᠢ
ᠡᠨᠳᠡ ᠡᠴᠡ ᠬᠡᠳᠦᠢ ᠬᠣᠯᠠ ᠪᠣᠯ ᠳᠠ ᠃
ᠤᠷᠭᠤᠵᠤ ᠭᠠᠷᠬᠤ ᠨᠠᠷᠠᠨ ᠢ᠋
ᠤᠨᠢᠶᠠᠷ ᠬᠦᠳᠡᠩ ᠪᠦᠷᠬᠦᠨ᠎ᠡ
ᠥᠪᠡᠷ ᠦ᠋ᠨ ᠨᠤᠲᠤᠭ ᠴᠠᠬᠠᠷ ᠨᠠᠢ᠍ᠮᠠᠨ ᠬᠣᠰᠢᠭᠤ ᠴᠢᠨᠢ
ᠡᠨᠳᠡ ᠡᠴᠡ ᠬᠡᠳᠦᠢ ᠬᠣᠯᠠ ᠪᠣᠯ ᠳᠠ ᠃
ᠱᠠᠭᠠᠵᠠᠭᠠᠢ ᠰᠢᠪᠠᠭᠤ ᠪᠣᠯᠤᠭᠠᠰᠠᠢ
ᠱᠠᠭᠰᠢᠵᠤ ᠨᠢᠰᠦᠭᠡᠳ ᠬᠦᠷᠬᠦ ᠦᠭᠡᠢ ᠤᠤ ᠳ᠋ᠠ
ᠱᠠᠭᠠᠵᠠᠭᠠᠢ ᠰᠢᠪᠠᠭᠤ ᠪᠢᠰᠢ ᠲᠤᠯᠠ
ᠴᠡᠷᠢᠭ ᠦ᠋ᠨ ᠬᠣᠷᠢᠶᠠᠨ ᠳ᠋ᠠᠭᠠᠨ ᠭᠠᠭᠴᠠᠭᠠᠷ ᠠ᠋ ᠃
ᠡᠯᠢᠶ᠎ᠡ ᠰᠢᠪᠠᠭᠤ ᠪᠣᠯᠤᠭᠠᠰᠠᠢ
ᠡᠷᠭᠢᠵᠦ ᠨᠢᠰᠦᠭᠡᠳ ᠪᠤᠴᠠᠬᠤ ᠦᠭᠡᠢ ᠤᠤ ᠳ᠋ᠠ
ᠡᠯᠢᠶ᠎ᠡ ᠰᠢᠪᠠᠭᠤ ᠪᠢᠰᠢ ᠲᠤᠯᠠ
ᠡᠵᠡᠨ ᠦ᠌ ᠴᠡᠷᠢᠭ ᠦ᠋ᠨ ᠬᠣᠷᠢᠶᠠᠨ ᠳ᠋ᠤ᠌ ᠠ᠋ ᠃
ᠳᠠᠭᠤᠤ ᠶ᠋ᠢ ᠨᠢ ᠰᠣᠨᠣᠰᠬᠤ ᠳ᠋ᠤ᠌ ᠳᠤᠯᠠᠭᠠᠬᠠᠨ ᠠ᠋
ᠳᠦᠷᠰᠦ ᠶ᠋ᠢ ᠨᠢ ᠪᠠᠷᠠᠯᠠᠬᠤ ᠳ᠋ᠤ᠌ ᠬᠠᠯᠠᠭᠤᠬᠠᠨ ᠠ᠋
ᠳᠣᠲᠣᠨᠣ ᠠᠮᠠᠷᠠᠭ ᠢ᠋ᠶ᠋ᠠᠨ ᠡᠷᠢᠭᠰᠡᠭᠡᠷ ᠪᠠᠶ᠋ᠢᠭᠠᠳ
ᠳᠣᠪᠣ ᠶ᠋ᠢᠨ ᠳᠡᠭᠡᠷ᠎ᠡ ᠠᠭᠤᠯᠵᠠᠯ᠎ᠠ ᠃
ᠪᠣᠭᠣᠳᠠᠯ ᠬᠡᠶ᠋ᠢᠰᠬᠦ ᠨᠢ ᠪᠣᠳᠠᠲᠠᠢ
ᠪᠣᠯᠪᠠᠷᠬᠠᠨ ᠪᠡᠶ᠎ᠡ ᠨᠢ ᠡᠪᠲᠡᠢ
ᠪᠣᠳᠣᠵᠤ ᠰᠠᠨᠠᠭᠰᠠᠨ ᠠᠯᠲᠠᠨᠯᠢᠩᠬᠤᠠ ᠲᠠᠢ ᠪᠠᠨ
ᠪᠣᠶ᠋ᠢᠲᠠ ᠭᠠᠵᠠᠷ ᠠᠭᠤᠯᠵᠠᠯ᠎ᠠ ᠃
ᠠᠩᠴᠢᠨ ᠬᠣᠲᠠ(2) ᠠ᠋ᠴᠠ ᠠᠪᠤᠭᠰᠠᠨ
ᠠᠯᠲᠠᠨ ᠶᠠᠴᠠᠷ(3) ᠬᠣᠣᠰ ᠢ᠋ᠶ᠋ᠠᠷ
ᠠᠪᠤ ᠪᠣᠯᠤᠨ ᠮᠥᠮᠥ ᠬᠣᠶᠠᠷ ᠲᠤ᠌ ᠮᠢᠨᠢ
ᠪᠡᠯᠡᠭ ᠪᠣᠯᠭᠠᠵᠤ ᠥᠭᠭᠦᠭᠡᠷᠡᠢ ᠳ᠋ᠠ ᠃
ᠠᠪᠤ ᠮᠥᠮᠥ ᠮᠢᠨᠢ ᠠᠰᠠᠭᠤᠪᠠᠯ
ᠠᠮᠤᠷ ᠮᠡᠨᠳᠦ ᠪᠠᠶ᠋ᠢᠨ᠎ᠠ ᠭᠡᠵᠦ ᠬᠡᠯᠡᠵᠦ ᠥᠭ ᠳ᠋ᠠ
ᠠᠯᠪᠠᠨ ᠴᠡᠷᠢᠭ ᠦ᠋ᠨ ᠠᠳᠤᠭᠤ ᠠᠳᠤᠭᠤᠯᠠᠭᠰᠠᠨ
ᠠᠩᠭ᠎ᠠ ᠦᠷ᠎ᠡ ᠨᠢ ᠬᠥᠭᠡᠷᠦᠬᠦᠢ ᠳ᠋ᠠ ᠃
ᠮᠦᠭᠳᠡᠨ ᠬᠣᠲᠠ ᠠ᠋ᠴᠠ ᠠᠪᠤᠭᠰᠠᠨ
ᠮᠥᠩᠭᠥᠨ ᠶᠠᠴᠠᠷ ᠬᠣᠣᠰ ᠢ᠋ᠶ᠋ᠠᠷ ᠠ᠋
ᠮᠥᠮᠥ ᠪᠣᠯᠤᠨ ᠠᠪᠤ ᠬᠣᠶᠠᠷ ᠲᠤ᠌ ᠮᠢᠨᠢ
ᠪᠡᠯᠡᠭ ᠪᠣᠯᠭᠠᠵᠤ ᠥᠭᠭᠦᠭᠡᠷᠡᠢ ᠳ᠋ᠠ ᠃
ᠠᠪᠤ ᠮᠥᠮᠥ ᠮᠢᠨᠢ ᠠᠰᠠᠭᠤᠪᠠᠯ
ᠮᠡᠨᠳᠦ ᠰᠠᠢᠨ ᠪᠠᠶ᠋ᠢᠨ᠎ᠠ ᠭᠡᠵᠦ ᠬᠡᠯᠡᠵᠦ ᠥᠭ ᠳ᠋ᠠ
ᠮᠣᠷᠢᠲᠤ ᠴᠡᠷᠢᠭ ᠦ᠋ᠨ ᠠᠭᠲᠠ ᠶ᠋ᠢ ᠠᠳᠤᠭᠤᠯᠠᠭᠰᠠᠨ
ᠮᠠᠭᠤ ᠦᠷ᠎ᠡ ᠨᠢ ᠬᠥᠭᠡᠷᠦᠬᠦᠢ ᠳ᠋ᠠ ᠃
ᠴᠠᠬᠠᠷ ᠯᠢᠭᠳᠡᠨ ᠬᠠᠭᠠᠨ ᠮᠠᠨᠵᠤ ᠳ᠋ᠤ᠌ ᠳᠠᠷᠤᠭᠳᠠᠭᠰᠠᠨ ᠤ᠋ ᠳᠠᠷᠠᠭ᠎ᠠ ᠂ ᠴᠠᠬᠠᠷ ᠠᠷᠠᠳ ᠲᠦᠮᠡᠨ ᠴᠢᠩ ᠤᠯᠤᠰ ᠤ᠋ᠨ ᠳᠠᠷᠤᠯᠠᠯ ᠊ᠢ ᠡᠰᠡᠷᠭᠦᠴᠡᠬᠦ ᠪᠡᠷ1675 ᠣᠨ ᠳ᠋ᠤ᠌ ᠪᠣᠰᠤᠯᠭ᠎ᠠ ᠭᠠᠷᠭᠠᠭᠰᠠᠨ ᠶᠤᠮ ᠃ ᠴᠢᠩ ᠤᠯᠤᠰ ᠤ᠋ᠨ ᠵᠠᠰᠠᠭ ᠤ᠋ᠨ ᠭᠠᠵᠠᠷ ᠠ᠋ᠴᠠ ᠴᠠᠬᠠᠷ ᠠᠷᠠᠳ ᠲᠦᠮᠡᠨ ᠦ᠌ ᠲᠤᠰ ᠤᠳᠠᠭ᠎ᠠ ᠶ᠋ᠢᠨ ᠪᠣᠰᠤᠯᠭ᠎ᠠ ᠶ᠋ᠢ ᠳᠠᠷᠤᠩᠭᠤᠶ᠋ᠢᠯᠠᠭᠰᠠᠨ ᠢ᠋ᠶ᠋ᠠᠷ ᠦᠯᠦ ᠪᠠᠷᠠᠨ ᠂ ᠪᠠᠰᠠ ᠲᠡᠳᠡᠨᠦᠰ ᠦ᠋ᠨ ᠲᠡᠮᠡᠴᠡᠯ ᠦ᠋ᠨ ᠬᠦᠴᠦᠨ ᠊ᠢ ᠰᠠᠷᠨᠢᠭᠤᠯᠤᠨ ᠪᠤᠲᠠᠷᠠᠭᠤᠯᠬᠤ ᠲᠥᠷᠥ ᠶ᠋ᠢᠨ ᠪᠣᠳᠣᠯᠭ᠎ᠠ ᠬᠡᠷᠡᠭᠵᠢᠭᠦᠯᠵᠦ ᠂ ᠴᠠᠬᠠᠷ ᠤ᠋ᠨ ᠮᠣᠩᠭᠣᠯᠴᠤᠳ ᠊ᠢ ᠰᠢᠨᠵᠢᠶᠠᠩ ᠮᠣᠵᠢ ᠪᠠ ᠬᠥᠯᠥᠨ ᠪᠣᠶ᠋ᠢᠷ ᠵᠡᠷᠭᠡ ᠬᠢᠯᠢ ᠬᠢᠵᠠᠭᠠᠷ ᠣᠷᠣᠨ ᠳ᠋ᠤ᠌ ᠴᠦᠯᠡᠵᠦ ᠶᠠᠪᠤᠭᠤᠯᠤᠭᠰᠠᠨ ᠪᠠᠶ᠋ᠢᠨ᠎ᠠ ᠃
ᠲᠤᠰ ᠳᠠᠭᠤᠤ ᠴᠠᠬᠠᠷ ᠤ᠋ᠨ ᠮᠣᠩᠭᠣᠯᠴᠤᠳ ᠴᠢᠩ ᠤᠯᠤᠰ ᠤ᠋ᠨ ᠬᠠᠭᠠᠨ ᠤ᠋ ᠵᠠᠷᠯᠢᠭ ᠢ᠋ᠶ᠋ᠠᠷ ᠬᠥᠯᠥᠨ ᠪᠣᠶ᠋ᠢᠷ ᠲᠤ᠌ ᠮᠣᠷᠳᠠᠭᠰᠠᠨ ᠲᠡᠦᠬᠡᠨ ᠳᠡᠭᠡᠷᠡᠬᠢ ᠡᠨᠡ ᠭᠤᠨᠢᠭᠲᠤ ᠶᠠᠪᠤᠳᠠᠯ ᠊ᠢ ᠳᠠᠭᠤᠯᠠᠭᠰᠠᠨ ᠪᠠᠶ᠋ᠢᠨ᠎ᠠ ᠃
ᠲᠠᠶ᠋ᠢᠯᠪᠤᠷᠢ
1. ᠠᠮᠪᠠᠨ ᠬᠣᠲᠠ — ᠣᠳᠣ ᠶ᠋ᠢᠨ ᠬᠠᠶ᠋ᠢᠯᠠᠷ ᠬᠣᠲᠠ
2. ᠠᠩᠴᠢᠨ ᠬᠣᠲᠠ — ᠴᠢᠴᠢᠬᠠᠷ ᠬᠣᠲᠠ ᠶ᠋ᠢᠨ ᠠᠷᠤ ᠳ᠋ᠤ᠌ ᠪᠠᠶ᠋ᠢᠲᠠᠭ ᠨᠢᠭᠡᠨ ᠪᠠᠭ᠎ᠠ ᠬᠣᠲᠠ ᠂ ᠣᠳᠣ ᠬᠢᠲᠠᠳ ᠢ᠋ᠶ᠋ᠠᠷ ᠠᠩ ᠠᠩ ᠰᠢ ᠭᠡᠵᠦ ᠬᠡᠯᠡᠨ᠎ᠡ ᠃
3. ᠶᠠᠴᠠᠷ — ᠰᠢᠳᠦᠨ ᠦ᠌ ᠰᠢᠪᠡᠭᠦᠷ ᠃
ᠦᠰᠦᠭ ᠠᠮᠢᠯᠠᠭᠤᠯᠤᠭᠴᠢ ᠄ ᠠᠵᠠᠵᠠᠶᠠᠭ᠎ᠠ᠂ ᠭᠠᠷᠮ ᠠ᠋
ᠬᠢᠨᠠᠭᠴᠢ ᠄ ᠣᠳᠬᠠᠨᠰᠸ᠋᠎ᠠ
