ᠨᠠᠮᠤᠷ ᠦ᠋ᠨ ᠭᠠᠯᠠᠭᠤ – ᠭᠦᠷᠵᠠᠪ Намрын галуу – Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠮᠤᠷ ᠦ᠋ᠨ ᠭᠠᠯᠠᠭᠤ – ᠭᠦᠷᠵᠠᠪ Намрын галуу – Гүржав

ᠨᠠᠮᠤᠷ ᠦ᠋ᠨ ᠭᠠᠯᠠᠭᠤ – ᠭᠦᠷᠵᠠᠪ Намрын галуу – Гүржав

2023-03-28

306

ᠨᠠᠮᠤᠷ ᠦ᠋ᠨ ᠭᠠᠯᠠᠭᠤ


     

              ᠭᠦᠷᠵᠡᠪ  


ᠨᠠᠮᠤᠷ ᠦ᠋ᠨ ᠭᠠᠯᠠᠭᠤ  

ᠲᠠᠭᠤᠤ ᠪᠠᠨ ᠳᠠᠭᠤᠯᠠᠭᠰᠠᠭᠠᠷ  

ᠨᠠᠷᠠᠨ ᠪ ᠵᠦᠭ ᠲᠤ  

ᠨᠢᠰᠦᠨ ᠴᠤᠪᠤᠷᠠᠯᠲᠤᠨ᠎ᠠ ᠁

ᠨᠠᠭᠠᠤᠠᠴᠤ ᠳᠠᠰᠤᠭᠰᠠᠨ  

ᠨᠠᠭᠤᠷ ᠭᠣᠣᠯ ᠪᠠ    

ᠨᠠᠶ᠋ᠢᠵᠠᠯᠠᠵᠤ  ᠨᠥᠬᠦᠷᠯᠡᠳᠡᠭ   

ᠨᠠᠮᠠᠶ᠋ᠢ ᠪᠠᠨ ᠣᠷᠬᠢᠭᠠᠳ     

ᠨᠠᠷᠠᠨ ᠪ ᠵᠦᠭ ᠲᠦ    

ᠨᠢᠰᠦᠨ ᠴᠤᠪᠤᠷᠠᠯᠲᠤᠨ᠎ᠠ ᠃    

ᠡᠮᠦᠨᠡᠲᠦ ᠣᠷᠣᠨ ᠪ   

ᠬᠠᠯᠠᠭᠤᠨ ᠪᠦᠰᠡ  ᠳ᠋ᠦ᠍    

ᠡᠪᠦᠯ ᠦ᠋ᠨ ᠬᠦᠢᠲᠡᠨ ᠊ᠢ     

ᠮᠡᠨᠲᠦᠬᠡᠨ ᠥᠩᠭᠡᠷᠡᠭᠡᠭᠡᠳ    

ᠡᠷᠭᠢᠬᠦ ᠬᠠᠪᠤᠷ ᠦ᠋ᠨ    

ᠳᠤᠯᠠᠭᠠᠨ ᠤᠯᠠᠷᠢᠯ  ᠳ᠋ᠦ᠍    

ᠢᠷᠡᠬᠦ ᠪᠣᠯᠵᠣᠬ᠋᠎ᠠ ᠪᠠᠨ   

ᠪᠠᠲᠦᠲᠠᠶ᠋ᠢᠬᠠᠨ ᠲᠠᠯᠪᠢᠭᠠᠳ  

ᠨᠠᠷᠠᠨ ᠵᠦᠭ ᠲᠤ  

ᠨᠢᠰᠦᠨ ᠴᠤᠪᠤᠷᠠᠯᠲᠤᠨ᠎ᠠ ᠁  


ᠢᠷᠡᠯᠲᠡ ᠄ 

         ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠂

             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ

             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ

             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ

              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ

              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ


       ᠦᠰᠦᠭ ᠠᠮᠢᠯᠠᠭᠤᠯᠤᠭᠴᠢ ᠄   ᠤᠷᠠᠨᠴᠡᠴᠡᠭ

         ᠬᠢᠨᠠᠭᠴᠢ ᠄  ᠪᠠᠶᠠᠷᠴᠡᠴᠡᠭ

           2023 ᠣᠨ ᠪ3 ᠰᠠᠷ᠎ᠠ ᠶ᠋ᠢᠨ 25 ᠪ ᠡᠲᠦᠷ