ᠴᠠᠭᠠᠨ ᠴᠠᠬᠢᠭᠤᠷᠲᠠᠢ ᠶ᠋ᠢᠨ ᠳᠡᠭᠳᠡᠭᠡᠬᠡᠢ – ᠭᠦᠷᠵᠠᠪ Цагаан цахиуртайн дэгдээхий     –  Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠴᠠᠬᠢᠭᠤᠷᠲᠠᠢ ᠶ᠋ᠢᠨ ᠳᠡᠭᠳᠡᠭᠡᠬᠡᠢ – ᠭᠦᠷᠵᠠᠪ Цагаан цахиуртайн дэгдээхий     –  Гүржав

ᠴᠠᠭᠠᠨ ᠴᠠᠬᠢᠭᠤᠷᠲᠠᠢ ᠶ᠋ᠢᠨ ᠳᠡᠭᠳᠡᠭᠡᠬᠡᠢ – ᠭᠦᠷᠵᠠᠪ Цагаан цахиуртайн дэгдээхий     –  Гүржав

2023-03-28

309

ᠴᠠᠭᠠᠨ ᠴᠠᠬᠢᠭᠤᠷᠲᠠᠢ ᠶ᠋ᠢᠨ ᠳᠡᠭᠳᠡᠭᠡᠬᠡᠢ


                ᠭᠦᠷᠵᠡᠪ  

ᠴᠠᠭᠠᠨ ᠴᠠᠬᠢᠭᠤᠷᠲᠠᠢ ᠶ᠋ᠢᠨ  ᠳᠡᠭᠳᠡᠭᠡᠬᠡᠢ  
ᠴᠠᠭᠠᠪᠤᠷ ᠬᠥᠭᠡᠷᠦᠬᠦᠨ ᠠᠮᠢ  
ᠴᠠᠭᠠᠨ᠎ᠠ ᠪᠠᠨ ᠶᠡᠷᠦ ᠨᠢ ᠪᠣᠲᠣᠯᠬ᠋᠎ᠠ ᠦᠭᠡᠢ  
ᠴᠠᠪᠢᠲᠠᠭ ᠮᠠᠭᠤ ᠰᠠᠨᠠᠬ᠋᠎ᠠ ᠦᠭᠡᠢ  
ᠴᠠᠭᠠᠪᠤᠷ ᠬᠥᠭᠡᠷᠦᠬᠦᠨ ᠠᠮᠢ  
     ᠴᠠᠭ ᠦ᠋ᠨ ᠰᠠᠶ᠋ᠢᠬᠠᠨ ᠥᠩᠭᠡ ᠪᠡᠷ  
     ᠴᠠᠬᠢᠯᠲᠠᠭᠲᠤ ᠳᠡᠨᠵᠢᠨ ᠳ᠋ᠡᠭᠡᠨ  ᠳᠡᠭᠳᠡᠯᠵᠡᠵᠦ  
     ᠴᠠᠬᠢᠯᠵᠠᠵᠤ ᠭᠤᠸᠠᠷᠠᠬᠤ ᠠᠬᠤᠢ ᠪᠠᠷ  
     ᠴᠢᠷᠠᠮᠠᠨ ᠪᠡᠶ᠎ᠡ ᠪᠡᠨ ᠪᠦᠪᠡᠶ᠋ᠢᠯᠡᠭᠦᠯᠵᠦ  
     ᠴᠠᠷᠴᠠᠬᠠᠢ ᠂ ᠢᠯᠠᠬ᠋᠎ᠠ ᠂ ᠰᠢᠪᠡᠵᠢ ᠁ ᠶ᠋ᠢ  
     ᠴᠢᠲᠠᠬᠤ ᠶ᠋ᠢᠨ ᠬᠢᠷᠢ ᠪᠡᠷ ᠶ᠋ᠢᠡᠨ ᠲᠡᠭᠦᠵᠦ  
     ᠴᠦᠷᠲᠡᠭᠡᠷ ᠵᠢᠭᠠᠬᠠᠨ ᠭᠡᠲᠡᠰᠦ ᠪᠡᠨ  
     ᠴᠢᠲᠠᠯ ᠦ᠋ᠨ ᠴᠢᠨᠡᠭᠡ ᠪᠡᠷ ᠶ᠋ᠢᠡᠨ ᠳᠦᠭᠦᠷᠭᠡᠵᠦ ᠁  
     ᠴᠠᠮᠨᠠᠨ ᠴᠠᠷᠪᠠᠨ ᠲᠣᠷᠨᠢᠬᠰᠠᠨ
     ᠴᠠᠭᠠᠪᠤᠷ ᠬᠥᠭᠡᠷᠦᠬᠦᠨ ᠠᠮᠢ
ᠴᠠᠭᠠᠰᠢ ᠨᠠᠭᠠᠰᠢ ᠶᠠᠪᠤᠬᠤ
ᠴᠠᠯᠠᠭᠠᠢ ᠂ ᠭᠡᠨᠡᠨ ᠨᠠᠶ᠋ᠢᠵᠠ ᠪᠠᠷ ᠮᠢᠨᠢ
ᠴᠢᠪᠬᠠᠲᠠᠵᠤ ᠪᠤᠤ ᠬᠠᠷᠪᠤᠭᠠᠰᠠᠢ
ᠴᠡᠯᠮᠡᠳᠡᠵᠤ ᠪᠢᠲᠡᠭᠡᠢ ᠣᠷᠠᠬᠠᠲᠠᠭᠠᠰᠠᠢ
ᠴᠠᠮᠴᠠ ᠪᠠᠷ ᠶ᠋ᠢᠠᠨ ᠪᠢᠲᠡᠭᠡᠢ ᠭᠤᠶᠠᠲᠠᠭᠠᠰᠠᠢ !


ᠢᠷᠡᠯᠲᠡ ᠄ 
         ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠂
             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ
              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ

       ᠦᠰᠦᠭ ᠠᠮᠢᠯᠠᠭᠤᠯᠤᠭᠴᠢ ᠄   ᠤᠷᠠᠨᠴᠡᠴᠡᠭ
         ᠬᠢᠨᠠᠭᠴᠢ ᠄  ᠪᠠᠶᠠᠷᠴᠡᠴᠡᠭ
           2023 ᠣᠨ ᠪ3 ᠰᠠᠷ᠎ᠠ ᠶ᠋ᠢᠨ 24 ᠪ ᠡᠲᠦᠷ