ᠬᠥᠲᠡᠯᠮᠦᠷᠢ ᠶ᠋ᠢᠨ ᠤᠪᠠᠲᠢᠰ – ᠭᠦᠷᠵᠠᠪ Хөдөлмөрийн овдис – Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠲᠡᠯᠮᠦᠷᠢ ᠶ᠋ᠢᠨ ᠤᠪᠠᠲᠢᠰ – ᠭᠦᠷᠵᠠᠪ Хөдөлмөрийн овдис – Гүржав

ᠬᠥᠲᠡᠯᠮᠦᠷᠢ ᠶ᠋ᠢᠨ ᠤᠪᠠᠲᠢᠰ – ᠭᠦᠷᠵᠠᠪ Хөдөлмөрийн овдис – Гүржав

2023-03-28

253

ᠬᠥᠲᠡᠯᠮᠦᠷᠢ ᠶ᠋ᠢᠨ ᠤᠪᠠᠲᠢᠰ


      ᠭᠦᠷᠵᠠᠪ

 ᠬᠥᠮᠦᠨ ᠊ᠢ
 ᠬᠥᠮᠦᠨ ᠪᠤᠯᠭᠠᠭᠰᠠᠨ
 ᠤᠪᠡᠲᠢᠰ ᠪᠣᠯ ᠬᠥᠲᠡᠯᠮᠦᠷᠢ
 ᠬᠦᠷᠡᠯ ᠪᠠᠭᠠᠵᠢ ᠶ᠋ᠢ
 ᠵᠣᠬᠢᠶᠠᠵᠤ  ᠪᠦᠲᠦᠭᠡᠭᠰᠡᠨ
 ᠶᠠᠪᠤᠴᠠ ᠪᠤᠯ ᠬᠥᠲᠡᠯᠮᠦᠷᠢ
 ᠬᠦᠲᠡᠯᠬᠦ ᠦᠭᠡᠢ ᠪᠣᠯ 
 ᠬᠣᠴᠣᠷᠤᠨ᠎ᠠ ᠭᠡᠰᠡᠨ
 ᠬᠦᠨᠲᠦ ᠰᠤᠷᠭᠠᠯ ᠪᠣᠯ ᠬᠥᠲᠡᠯᠮᠦᠷᠢ 
 ᠬᠥᠳᠡᠯᠮᠦᠷᠢᠯᠡᠭᠰᠡᠳ ᠰᠠᠶᠢ ᠯᠠ 
 ᠬᠦᠴᠦᠷᠬᠡᠭᠵᠢᠨ᠎ᠡ ᠭᠡᠰᠡᠨ 
 ᠬᠥᠰᠢᠶ᠎ᠡ ᠂ ᠳᠤᠷᠠᠰᠬᠠᠯ ᠪᠤᠯ ᠬᠥᠲᠡᠯᠮᠦᠷᠢ
 ᠬᠦᠪᠦᠷᠡᠬᠦ ᠡᠰ ᠲᠤ
 ᠠᠮᠢ ᠣᠷᠣᠭᠤᠯᠤᠭᠴᠢ
 ᠬᠥᠯᠥᠰᠥ ᠂ ᠴᠢᠰᠤ ᠪᠣᠯ ᠬᠥᠲᠡᠯᠮᠦᠷᠢ
 ᠬᠦᠬᠡᠷᠡᠬᠦ  ᠦᠢᠯᠡᠰ ᠲᠤ
 ᠵᠢᠭᠦᠷ ᠣᠷᠭᠤᠭᠤᠯᠤᠭᠴᠢ
 ᠬᠦᠴᠦ ᠂  ᠴᠢᠲᠠᠯ ᠪᠣᠯ ᠬᠥᠲᠡᠯᠮᠦᠷᠢ 
 ᠬᠥᠲᠡᠯᠮᠦᠷᠢ — ᠬᠥᠷᠥᠰᠥᠲᠦ ᠳᠡᠯᠡᠬᠡᠢ ᠶ᠋ᠢ
 ᠥᠭᠡᠷᠡᠴᠢᠯᠡᠵᠦ ᠰᠢᠨᠡᠴᠢᠯᠡᠭᠴᠢ
 ᠬᠦᠲᠡᠷ ᠴᠢᠭᠢᠷᠠᠭ  ᠠᠯᠠᠬ᠋᠎ᠠ
 ᠬᠥᠲᠡᠯᠮᠦᠷᠢ —
 ᠬᠦᠰᠡᠯ ᠮᠥᠷᠥᠭᠡᠲᠦᠯ ᠊ᠢ
 ᠬᠥᠪᠴᠢᠲᠡᠵᠦ  ᠲᠡᠷᠭᠡᠯᠰᠢᠭᠦᠯᠦᠭᠴᠢ
 ᠬᠦᠴᠦᠲᠦ ᠳᠣᠭᠰᠢᠨ — ᠤᠷᠤᠰᠬᠠᠯ
 ᠬᠥᠲᠡᠯᠮᠦᠷᠢ — ᠮᠥᠩᠬᠡ
 ᠬᠥᠲᠡᠯᠮᠦᠷᠢ ᠶ᠋ᠢ ᠡᠷᠬᠢᠮᠯᠡᠬᠦ ᠥᠵᠡᠯᠲᠡ
 ᠬᠡᠵᠢᠶᠡᠲᠡ — ᠮᠥᠩᠬᠡ !

ᠢᠷᠡᠯᠲᠡ ᠄ 
         ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠂
             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ
              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ

       ᠦᠰᠦᠭ ᠠᠮᠢᠯᠠᠭᠤᠯᠤᠭᠴᠢ ᠄     ᠮᠢᠭᠮᠡᠷ
         ᠬᠢᠨᠠᠭᠴᠢ ᠄  ᠪᠠᠶᠠᠷᠴᠡᠴᠡᠭ
               2023.3.24