ᠪᠢ ᠪᠣᠯ ᠵᠢᠤᠠᠬᠦᠭᠦᠷ ᠲᠡᠷᠭᠡᠴᠢᠨ - ᠭᠦᠷᠵᠠᠪ Би бол зуухүүр тэрэгчин - Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠪᠣᠯ ᠵᠢᠤᠠᠬᠦᠭᠦᠷ ᠲᠡᠷᠭᠡᠴᠢᠨ - ᠭᠦᠷᠵᠠᠪ Би бол зуухүүр тэрэгчин - Гүржав

ᠪᠢ ᠪᠣᠯ ᠵᠢᠤᠠᠬᠦᠭᠦᠷ ᠲᠡᠷᠭᠡᠴᠢᠨ - ᠭᠦᠷᠵᠠᠪ Би бол зуухүүр тэрэгчин - Гүржав

2023-03-28

271

ᠪᠢ ᠪᠣᠯ ᠵᠢᠤᠠᠬᠦᠭᠦᠷ ᠲᠡᠷᠭᠡᠴᠢᠨ


       ᠭᠦᠷᠵᠠᠪ

 ᠪᠢ ᠪᠣᠯ ᠨᠢᠭᠡᠨ
 ᠵᠢᠤᠠᠬᠦᠭᠦᠷ ᠲᠡᠷᠭᠡᠴᠢᠨ
 ᠵᠦᠳᠡᠭᠰᠡᠨ ᠂ ᠶᠠᠲᠠᠭᠰᠠᠨ
 ᠵᠢᠤᠠᠬᠦᠭᠦᠷ ᠲᠡᠷᠭᠡᠴᠢᠨ
       ᠵᠡᠭᠦᠨ ᠡᠴᠡ  ᠳᠡᠭᠳᠡᠬᠦ
       ᠦᠷ ᠦ᠋ᠨ ᠴᠣᠯᠮᠣᠨ ᠠ᠋ᠴᠠ ᠤᠷᠢᠤᠠᠴᠢᠯᠠᠨ
       ᠵᠡᠭᠦᠲᠦᠨ ᠳ᠋ᠡᠭᠡᠨ ᠮᠠᠩᠰᠢᠭᠤᠷᠠᠬᠤ
       ᠵᠢᠭᠦᠷᠲᠡᠨ ᠥᠲᠥᠲᠡᠨ ᠡᠴᠡ ᠲᠦᠷᠦᠭᠦᠯᠡᠨ
       ᠵᠥᠩᠲᠡᠭᠡᠨ ᠡᠷᠲᠡᠯᠡᠨ ᠪᠣᠰᠲᠠᠭ 
       ᠵᠢᠷᠦᠬᠡ ᠪᠡᠨ —
       ᠭᠠᠷ ᠲᠠᠭᠠᠨ ᠠᠤᠠᠬᠤᠨ ᠪᠣᠰᠲᠠᠭ
       ᠵᠦᠳᠡᠭᠰᠡᠨ ᠂ ᠶᠠᠲᠠᠭᠰᠠᠨ
       ᠵᠢᠤᠠᠬᠦᠭᠦᠷ ᠲᠡᠷᠭᠡᠴᠢᠨ
 ᠵᠦᠭᠡᠷ ᠰᠢᠭ᠌ ᠠᠵᠢᠯ ᠶᠠᠭᠤ ᠪᠠᠶ᠋ᠢᠨ᠎ᠠ ‍ᠤᠤ
 ᠵᠦᠭᠲᠡᠢ ᠰᠢᠭ᠌ ᠮᠥᠩᠭᠥ ᠶᠠᠭᠠᠬᠢᠵᠤ ᠣᠯᠤᠨ᠎ᠠ ‍ᠤᠤ ᠳ᠋ᠠ
 ᠵᠦᠭ ᠦ᠋ᠨ ᠰᠠᠶ᠋ᠢᠬᠠᠨ ᠊ᠢ
 ᠵᠥᠩᠨᠡᠨ ᠬᠦᠰᠡᠵᠦ  
 ᠵᠦᠲᠡᠷᠡᠯ ᠦ᠋ᠨ ᠬᠦᠨᠲᠦ ᠶ᠋ᠢ
 ᠡᠭᠦᠷᠦᠨ  ᠭᠦᠶᠦᠳᠡᠭ
 ᠵᠦᠳᠡᠭᠰᠡᠨ ᠂ ᠶᠠᠲᠠᠭᠰᠠᠨ
 ᠵᠢᠤᠠᠬᠦᠭᠦᠷ ᠲᠡᠷᠭᠡᠴᠢᠨ
        ᠵᠦᠰᠡᠷ ᠪᠣᠷᠣᠭᠠᠨ ᠁ ᠪᠣᠬᠢᠷ ᠲᠣᠭᠣᠰᠣ
        ᠵᠢᠰᠦ ᠶ᠋ᠢ ᠬᠠᠭᠠᠷᠢᠬᠤ ᠶᠠᠩᠭᠢᠨᠠᠮ᠎ᠠ ᠰᠠᠯᠬᠢ
        ᠰᠥᠰᠥ ᠶ᠋ᠢ ᠮᠢᠨᠢ ᠳᠠᠪᠲᠠᠭᠰᠠᠨ —
        ᠲᠠᠰᠢᠭᠤᠷ ᠪᠢᠯᠡ
        ᠵᠢᠲᠦᠭᠡᠷᠬᠡᠭ ᠦᠭᠡ ᠂ ᠶᠣᠵᠣᠷᠬᠠᠭ ᠬᠠᠷᠠᠴᠠ
        ᠵᠦᠲᠡᠭᠦᠬᠡᠨ ᠣᠯᠲᠠᠭ ᠬᠥᠯᠥᠰᠥ ᠬᠠᠷᠠᠮᠵᠢ ᠁
        ᠵᠦᠰᠦᠵᠦ ᠶᠠᠪᠤᠲᠠᠭ —
        ᠵᠠᠮ ᠮᠢᠨᠢ ᠪᠢᠯᠡ
 ᠪᠢ ᠪᠣᠯ ᠨᠢᠭᠡᠨ
 ᠵᠦᠳᠡᠭᠰᠡᠨ ᠂ ᠶᠠᠲᠠᠭᠰᠠᠨ
 ᠵᠢᠤᠠᠬᠦᠭᠦᠷ ᠲᠡᠷᠭᠡᠴᠢᠨ ᠃

     ᠢᠷᠡᠯᠲᠡ ᠄ 
         ᠭᠦᠷᠵᠠᠪ ᠦ᠋ᠨ ᠵᠣᠬᠢᠶᠠᠭᠰᠠᠨ《 ᠬᠡᠦᠬᠡᠳ ᠨᠠᠰᠤ ᠰᠠᠶ᠋ᠢᠬᠠᠨ 》  ᠭᠡᠳᠡᠭ ᠨᠣᠮ ᠠ᠋ᠴᠠ ᠬᠠᠭᠤᠯᠤᠨ ᠪᠢᠴᠢᠪᠡ ᠂
             ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ
             ᠥᠪᠥᠷ ᠮᠣᠩᠭᠣᠯ ᠦ᠋ᠨ ᠰᠢᠨᠬᠤᠸᠠ  ᠪᠢᠴᠢᠭ ᠦ᠋ᠨ ᠳᠡᠯᠭᠡᠭᠦᠷ ᠲᠠᠷᠬᠠᠭᠠᠪᠠ
             ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
              2004 ᠣᠨ ᠪ 9 ᠰᠠᠷ᠎ᠠ  ᠳᠤ ᠠᠩᠬᠠᠲᠤᠭᠠᠷ ᠬᠡᠪ ᠊ᠢ ᠬᠢᠪᠡ
              2004 ᠣᠨ ᠪ 9 ᠰᠠᠷ᠎ᠠ  ᠳᠤ ᠠᠩᠬ᠎ᠠ ᠤᠲᠠᠬ᠋᠎ᠠ ᠬᠡᠪᠯᠡᠪᠡ

       ᠦᠰᠦᠭ ᠠᠮᠢᠯᠠᠭᠤᠯᠤᠭᠴᠢ ᠄    ᠪᠠᠶᠠᠷᠴᠡᠴᠡᠭ
         ᠬᠢᠨᠠᠭᠴᠢ ᠄  ᠪᠠᠶᠠᠷᠴᠡᠴᠡᠭ
               20230322