ᠭᠠᠪᠢᠶ᠎ᠠ – ᠷ ᠂ ᠴᠣᠢᠨᠣᠮ Гавьяа – Р ᠂ Чойном
ᠭᠠᠪᠢᠶ᠎ᠠ
ᠭᠠᠪᠢᠶ᠎ᠠ ᠪᠠᠶ᠋ᠢᠭᠤᠯᠤᠶᠠ ᠭᠡᠵᠦ ᠬᠥᠮᠦᠨ ᠲᠥᠷᠥᠳᠡᠭ ᠦᠭᠡᠢ ᠶᠤᠮ
ᠭᠠᠢ ᠪᠣᠯᠤᠶ᠎ᠠ ᠭᠡᠵᠦ ᠬᠥᠮᠦᠨ ᠦᠬᠦᠳᠡᠭ ᠥᠬᠡᠢ ᠶᠤᠮ
ᠠᠷᠭ᠎ᠠ ᠦᠭᠡᠢ ᠪᠢ
ᠬᠥᠮᠦᠨ ᠪ ᠲᠥᠷᠥᠳᠡᠭ ᠶ᠋ᠢᠡᠷ ᠯᠡ ᠲᠥᠷᠥᠭᠰᠡᠨ
ᠬᠥᠮᠦᠰ ᠦ᠋ᠨ ᠦᠬᠦᠳᠡᠭ ᠶ᠋ᠢᠡᠷ ᠯᠡ ᠦᠬᠦᠨ᠎ᠡ ᠃
ᠠᠮᠢᠳᠤᠷᠠᠬᠤ ᠳ᠋ᠦ᠍ ᠪᠡᠨ ᠬᠠᠷᠢᠨ
ᠶᠠᠮᠠᠷ ᠶᠠᠪᠤᠭᠰᠠᠨ ᠶ᠋ᠢᠠᠨ
ᠥᠪᠡᠷ ᠶ᠋ᠢᠡᠨ ᠮᠡᠳᠡᠬᠦ ᠦᠭᠡᠢ
ᠵᠡᠯᠡᠨ ᠪ ᠤᠨᠠᠬ᠋᠎ᠠ ᠰᠢᠭ᠋ ᠰᠢᠯᠢᠲᠡᠵᠦ ᠥᠰᠦᠭᠰᠡᠨ
ᠵᠡᠷᠭᠡ ᠶ᠋ᠢᠨ ᠣᠯᠠᠨ ᠨᠥᠬᠥᠳ ᠳᠤᠮᠳᠠ ᠪᠠᠨ ᠪᠢ
ᠴᠡᠷᠢᠭ ᠦ᠋ᠨ ᠶᠣᠰᠣ ᠪᠠᠷ ᠡᠷᠲᠡᠯᠡᠨ ᠰᠡᠷᠡᠬᠦ ᠳ᠋ᠦ᠍ ᠨᠢ
ᠬᠣᠩᠭᠣ ᠨᠢ ᠪᠣᠯᠵᠤ ᠶᠠᠪᠤᠭᠰᠠᠨ ᠦᠭᠡᠢ
ᠬᠣᠩᠬᠣ ᠨᠢ ᠪᠣᠯᠵᠤ ᠶᠠᠪᠤᠯ᠎ᠠ ᠃
ᠴᠡᠷᠪᠡᠭᠦᠦ ᠬᠣᠯᠠ ᠶ᠋ᠢ ᠡᠬᠢᠯᠡᠨ ᠬᠠᠷᠠᠬᠤ ᠳ᠋ᠦ᠍ ᠨᠢ
ᠵᠠᠩᠭ᠎ᠠ ᠨᠢ ᠪᠣᠯᠵᠤ ᠶᠠᠪᠤᠭᠰᠠᠨ ᠦᠭᠡᠢ
ᠴᠣᠩᠬᠣ ᠨᠢ ᠪᠣᠯᠵᠤ ᠶᠠᠪᠤᠯ᠎ᠠ ᠃
ᠴᠡᠩᠭᠡᠯ ᠵᠢᠷᠭᠠᠯ ᠊ᠢ ᠡᠳ᠋ᠯᠡᠶ᠎ᠡ ᠭᠡᠬᠦ ᠳ᠋ᠦ᠍ ᠨᠢ
ᠤᠷᠠᠬ᠎ᠠ ᠨᠢ ᠪᠣᠯᠵᠤ ᠶᠠᠪᠤᠭᠰᠠᠨ ᠦᠭᠡᠢ
ᠠᠷᠢᠬᠢ ᠨᠢ ᠪᠣᠯᠵᠤ ᠶᠠᠪᠤᠯ᠎ᠠ ᠃
ᠴᠡᠴᠡᠨ ᠤᠬᠠᠭᠠᠨᠲᠠᠨ ᠊ᠢ ᠰᠤᠲᠤᠯᠤᠶᠠ ᠭᠡᠬᠦ ᠳ᠋ᠦ᠍ ᠨᠢ
ᠡᠷᠢᠭᠡ ᠨᠢ ᠪᠣᠯᠵᠤ ᠬᠡᠪᠲᠡᠭᠰᠡᠨ ᠦᠭᠡᠢ
ᠵᠢᠷᠦᠬᠡ ᠨᠢ ᠪᠣᠯᠵᠤ ᠶᠠᠪᠤᠯ᠎ᠠ ᠃
ᠭᠠᠪᠢᠶ᠎ᠠ ᠪᠠᠶ᠋ᠢᠭᠤᠯᠤᠶᠠ ᠭᠡᠵᠦ ᠬᠥᠮᠦᠨ ᠲᠥᠷᠥᠳᠡᠭ ᠥᠬᠡᠢ ᠶᠤᠮ
ᠭᠠᠢ ᠪᠣᠯᠤᠶ᠎ᠠ ᠭᠡᠵᠦ ᠦᠬᠦᠳᠡᠭ ᠥᠬᠡᠢ ᠶᠤᠮ
ᠬᠠᠷᠢᠨ
ᠴᠦᠲᠡᠨᠵᠠ ᠰᠢᠭ᠌ ᠴᠦᠲᠡᠨᠵᠠ ᠳᠠᠭᠤᠰᠤᠨ ᠳᠠᠭᠤᠰᠲᠠᠯ᠎ᠠ ᠪᠠᠨ ᠠᠰᠠᠲᠠᠭ ᠶᠤᠮ
ᠰᠢᠯᠦᠭᠴᠢ ᠰᠢᠭ᠌ ᠰᠢᠯᠦᠭᠴᠢ ᠦᠬᠦᠨ ᠦᠬᠦᠲᠡᠯ᠎ᠡ ᠪᠡᠨ ᠪᠢᠴᠢᠳᠡᠭ ᠶᠤᠮ ᠃
1976.5.20
《 ᠷ · ᠴᠣᠶ᠋ᠢᠨᠣᠮ ᠤᠨ ᠰᠢᠯᠦᠭ ᠵᠣᠬᠢᠶᠠᠯ ᠤᠨ ᠬᠤᠷᠢᠶᠠᠬᠤᠢ — 》
— ᠤᠶᠠᠩᠭ᠎ᠠ ᠶ᠋ᠢᠨ ᠰᠢᠯᠦᠭ ᠠ᠋ᠴᠠ ᠬᠠᠭᠤᠯᠪᠠ ᠃
ᠪᠢ᠊ · ᠳᠠᠮᠳᠢᠨᠰᠦ᠋ᠷᠦᠩ ᠡᠮᠬᠢᠳᠬᠡᠨ ᠨᠠᠶ᠋ᠢᠷᠠᠭᠤᠯᠪᠠ
ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠣᠨᠣᠳ ᠳᠣᠷᠵᠢ
ᠦᠰᠦᠭ᠋ ᠠᠮᠢᠯᠠᠭᠤᠯᠤᠭᠴᠢ ᠄ ᠰᠢᠷᠠᠨᠤᠳ ᠂ ᠰᠠᠮᠲᠠᠨᠭᠡᠷᠡᠯ
ᠬᠢᠨᠠᠭᠴᠢ ᠄ ᠪᠤᠤ ᠡᠷᠴᠢᠨ
