ᠨᠤᠲᠤᠭ ᠢᠶᠠᠨ ᠡᠷᠭᠢᠬᠦ ᠤᠤ ᠂ ᠬᠣᠩᠭᠣᠷ ᠮᠢᠨᠢ- ᠰ ᠤᠶᠠᠩᠭ᠎ᠠНутагаа эргэх уу , хонгор минь-с уянга
ᠨᠤᠲᠤᠭ ᠢᠶᠠᠨ ᠡᠷᠭᠢᠬᠦ ᠤᠤ ᠂ ᠬᠣᠩᠭᠣᠷ ᠮᠢᠨᠢ
ᠦᠭᠡ ᠄ ᠪ · ᠣᠶᠤᠨᠲᠠᠯᠠᠢ
ᠠᠶᠠᠯᠭᠤ ᠄ ᠰᠡᠴᠡᠨᠴᠣᠭᠲᠤ
ᠳᠠᠭᠤᠴᠢᠨ ᠄ ᠰ · ᠤᠶᠠᠩᠭ᠎ᠠ
ᠲᠥᠯᠵᠢᠨ ᠳᠡᠯᠭᠡᠷᠡᠬᠦ ᠶ᠋ᠢᠨ ᠬᠠᠪᠤᠷ ᠢ᠋ᠶ᠋ᠠᠷ ᠨᠤᠲᠤᠭ ᠢ᠋ᠶ᠋ᠠᠨ ᠡᠷᠭᠢᠬᠦ ᠤᠤ ᠠᠯᠳᠠᠷᠠᠢ ᠮᠢᠨᠢ
ᠲᠥᠷᠥᠭᠰᠡᠨ ᠭᠡᠷ ᠦ᠋ᠨ ᠢ᠋ᠶ᠋ᠡᠨ ᠪᠠᠭᠤᠴᠠᠨ ᠳᠡᠭᠡᠷ᠎ᠡ ᠤᠶᠠᠷᠠᠵᠤ ᠳᠠᠭᠤᠯᠠᠬᠤ ᠤᠤ ᠠᠮᠠᠷᠠᠭ ᠮᠢᠨᠢ
ᠲᠦᠮᠡᠨ ᠴᠡᠴᠡᠭᠡᠰ ᠦ᠋ᠨ ᠥᠩᠭᠡ ᠪᠡᠷ ᠨᠢᠳᠦ ᠪᠡᠨ ᠴᠢᠮᠡᠬᠦ ᠤᠤ ᠪᠥᠮᠪᠥᠷ ᠮᠢᠨᠢ
ᠲᠦᠢᠳᠬᠡᠷ ᠤᠲᠤᠭᠠᠨ ᠤ᠋ ᠲᠣᠭᠣᠰᠣᠨ ᠠ᠋ᠴᠠ ᠲᠦᠭᠡᠭᠡᠨ ᠴᠦ᠍ ᠵᠠᠶ᠋ᠢᠯᠠᠬᠤ ᠤᠤ ᠬᠣᠩᠭᠣᠷ ᠮᠢᠨᠢ
ᠲᠦᠮᠡᠨ ᠴᠡᠴᠡᠭᠡᠰ ᠦ᠋ᠨ ᠥᠩᠭᠡ ᠪᠡᠷ ᠨᠢᠳᠦ ᠪᠡᠨ ᠴᠢᠮᠡᠬᠦ ᠤᠤ ᠪᠥᠮᠪᠥᠷ ᠮᠢᠨᠢ
ᠲᠦᠢᠳᠬᠡᠷ ᠤᠲᠤᠭᠠᠨ ᠤ᠋ ᠲᠣᠭᠣᠰᠣᠨ ᠠ᠋ᠴᠠ ᠲᠦᠭᠡᠭᠡᠨ ᠴᠦ᠍ ᠵᠠᠶ᠋ᠢᠯᠠᠬᠤ ᠤᠤ ᠬᠣᠩᠭᠣᠷ ᠮᠢᠨᠢ
ᠠᠩᠭᠢᠷ ᠰᠢᠷᠭᠠᠯ ᠨᠠᠮᠤᠷ ᠢ᠋ᠶ᠋ᠠᠷ ᠨᠤᠲᠤᠭ ᠢ᠋ᠶ᠋ᠠᠨ ᠡᠷᠭᠢᠬᠦ ᠤᠤ ᠠᠯᠳᠠᠷᠠᠢ ᠮᠢᠨᠢ
ᠠᠳᠤᠭᠤᠨ ᠤ᠋ ᠬᠥᠯᠥᠰᠥ ᠦᠨᠦᠷᠲᠦᠵᠦ ᠬᠡᠶ᠋ᠢᠮᠣᠷᠢ ᠪᠠᠨ ᠰᠡᠷᠭᠦᠭᠡᠬᠦ ᠤᠤ ᠠᠮᠠᠷᠠᠭ ᠮᠢᠨᠢ
ᠠᠶ᠋ᠢᠷᠠᠭ ᠰᠡᠩᠭᠢᠨᠡᠭᠰᠡᠨ ᠰᠠᠯᠬᠢ ᠪᠠᠷ ᠴᠡᠭᠡᠵᠢ ᠪᠡᠨ ᠠᠷᠢᠭᠤᠯᠠᠬᠤ ᠤᠤ ᠪᠥᠮᠪᠥᠷ ᠮᠢᠨᠢ
ᠠᠮᠤᠭᠤᠯᠠᠩ ᠵᠢᠷᠭᠠᠯ ᠤ᠋ᠨ ᠬᠥᠳᠡᠭᠡ ᠳ᠋ᠦ᠍ ᠪᠡᠨ ᠠᠯᠳᠠᠬᠠᠨ ᠴᠤ᠌ ᠣᠶ᠋ᠢᠷᠠᠤᠠᠬᠤ ᠤᠤ ᠬᠣᠩᠭᠣᠷ ᠮᠢᠨᠢ
ᠠᠶ᠋ᠢᠷᠠᠭ ᠰᠡᠩᠭᠢᠨᠡᠭᠰᠡᠨ ᠰᠠᠯᠬᠢ ᠪᠠᠷ ᠴᠡᠭᠡᠵᠢ ᠪᠡᠨ ᠠᠷᠢᠭᠤᠯᠠᠬᠤ ᠤᠤ ᠪᠥᠮᠪᠥᠷ ᠮᠢᠨᠢ
ᠠᠮᠤᠭᠤᠯᠠᠩ ᠵᠢᠷᠭᠠᠯ ᠤ᠋ᠨ ᠬᠥᠳᠡᠭᠡ ᠳ᠋ᠦ᠍ ᠪᠡᠨ ᠠᠯᠳᠠᠬᠠᠨ ᠴᠤ᠌ ᠣᠶ᠋ᠢᠷᠠᠤᠠᠬᠤ ᠤᠤ ᠬᠣᠩᠭᠣᠷ ᠮᠢᠨᠢ
ᠦᠰᠦᠭ ᠠᠮᠢᠯᠠᠭᠤᠯᠤᠭᠰᠠᠨ ᠨᠢ ᠄ ᠰᠡᠷᠭᠦᠯᠡᠩ
ᠬᠢᠨᠠᠭᠴᠢ ᠪᠠᠭᠰᠢ ᠄ ᠪᠠᠶᠠᠷᠴᠡᠴᠡᠭ ᠂ ᠢᠷᠡᠭᠡᠳᠦᠢ
