ᠨᠠᠢᠵᠠ ᠨᠤᠭᠤᠳ- ᠫ · ᠪᠠᠲᠤᠡᠤᠨᠳᠤᠷᠬᠤНайз нууд-п · батүндорху
ᠨᠠᠢᠵᠠ ᠨᠤᠭᠤᠳ
ᠳᠠᠭᠤᠴᠢᠨ ᠄ ᠫ · ᠪᠠᠲᠤᠡᠤᠨᠳᠤᠷᠬᠤ
ᠣᠷᠴᠢᠯᠠᠩ ᠳᠤ ᠬᠠᠪᠤᠷ ᠢᠷᠡᠬᠦ
ᠴᠠᠭ ᠲᠦ ᠨᠢ ᠬᠦ᠋
ᠣᠷᠭᠢᠯ ᠬᠠᠩᠭᠠᠢ ᠴᠡᠴᠡᠭᠯᠡᠨ᠎ᠡ
ᠨᠠᠶ᠋ᠢᠵᠠ ᠮᠢᠨᠢ
ᠬᠠᠩᠭᠠᠢ ᠳᠡᠯᠡᠬᠡᠢ ᠴᠡᠴᠡᠭᠯᠡᠬᠦ
ᠶ᠋ᠢ ᠬᠠᠷᠠᠬᠤ ᠪᠠᠷ ᠢᠶ᠋ᠠᠨ
ᠬᠠᠶ᠋ᠢᠷ᠎ᠠ ᠶ᠋ᠢᠨ ᠰᠡᠳᠬᠢᠯ ᠤᠶᠠᠷᠠᠨ᠎ᠠ
ᠠᠨᠳᠠ ᠮᠢᠨᠢ
ᠡᠵᠢ ᠶ᠋ᠢᠨ ᠬᠣᠶᠠᠷ ᠬᠦᠦ ᠰᠢᠭ᠌
ᠢᠵᠢᠯᠢᠳᠦᠭᠰᠡᠨ
ᠡᠪ ᠦᠨ ᠲᠦᠰᠢᠭ ᠲᠡᠢ ᠠᠨᠳᠠ
ᠮᠢᠨᠢ ᠳ᠋ᠠ ᠬᠦ᠋
ᠡᠵᠢ ᠶ᠋ᠢᠨ ᠬᠣᠶᠠᠷ ᠬᠦᠦ ᠰᠢᠭ᠌
ᠢᠵᠢᠯᠢᠳᠦᠭᠰᠡᠨ
ᠡᠪ ᠦᠨ ᠲᠦᠰᠢᠭ ᠲᠡᠢ ᠠᠨᠳᠠ
ᠮᠢᠨᠢ ᠳ᠋ᠠ ᠬᠦ᠋
ᠨᠠᠶ᠋ᠢᠵᠠ ᠪᠠᠷ ᠮᠢᠨᠢ ᠨᠠᠮ᠎ᠠ
ᠶ᠋ᠢ ᠲᠠᠨᠢᠳᠠᠭ ᠤᠴᠢᠷ ᠲᠠᠢ
ᠨᠠᠮ᠎ᠠ ᠶ᠋ᠢ ᠬᠠᠷᠠᠭᠠᠳ ᠴᠢᠮ᠎ᠠ
ᠶ᠋ᠢ ᠮᠡᠳᠡᠳᠡᠭ ᠰᠤᠷᠭᠠᠯ ᠲᠠᠢ
ᠵᠤᠨ ᠣᠯᠠᠨ ᠤ ᠤᠷᠤᠰᠬᠠᠯ ᠳᠤ
ᠬᠥᠯ ᠨᠡᠶ᠋ᠢᠯᠡᠭᠰᠡᠨ ᠨᠠᠶ᠋ᠢᠵᠠ ᠮᠢᠨᠢ
ᠬᠥᠮᠦᠨ ᠦ ᠠᠮᠢᠳᠤᠷᠠᠯ ᠤᠨ ᠠᠶᠠᠯᠭᠤᠨ
ᠳᠤ ᠬᠥᠭ ᠨᠡᠮᠡᠭᠰᠡᠨ ᠠᠨᠳᠠ ᠮᠢᠨᠢ
ᠦᠶ᠎ᠡ ᠵᠠᠢ ᠦᠭᠡᠢ ᠨᠠᠶ᠋ᠢᠵᠠ ᠡ
ᠦᠭᠡᠶ᠋ᠢᠯᠡᠵᠦ ᠶᠠᠪᠤᠶ᠎ᠠ ᠨᠢᠭᠡ ᠶ᠋ᠢ ᠪᠡᠨ
ᠠᠢ ᠨᠠᠶ᠋ᠢᠵᠠ ᠪᠠᠨ ᠬᠠᠶ᠋ᠢᠷᠠᠯᠠᠵᠤ
ᠲᠦᠰᠢᠵᠦ ᠶᠠᠪᠤᠶ᠎ᠠ ᠨᠢᠭᠡ ᠶ᠋ᠢ ᠪᠡᠨ
ᠵᠠᠶᠠᠭᠠᠨ ᠤ ᠰᠠᠶ᠋ᠢᠨ ᠨᠥᠬᠥᠷ
ᠢᠶ᠋ᠡᠨ ᠭᠡᠵᠦ ᠴᠢᠮ᠎ᠠ ᠶ᠋ᠢ ᠪᠡᠨ
ᠵᠠᠮ ᠤᠨ ᠤᠷᠲᠤ ᠳᠤ ᠬᠠᠨᠢᠯᠠᠨ
ᠪᠠᠶ᠋ᠢᠵᠤ ᠲᠠᠨᠢᠯ᠎ᠠ
ᠠᠶᠠᠨ ᠤ ᠳᠥᠷᠦᠭᠡᠨ ᠳᠦ ᠦᠶ᠎ᠡ
ᠵᠠᠢ ᠦᠭᠡᠢ ᠦᠶᠡᠷᠬᠡᠵᠦ
ᠠᠬᠠᠨ ᠳᠡᠭᠦᠦᠰ ᠰᠢᠭ᠌ ᠦᠨᠡᠬᠡᠷ
ᠰᠠᠶ᠋ᠢᠬᠠᠨ ᠳᠠᠰᠤᠯ᠎ᠠ
ᠠᠶᠠᠨ ᠤ ᠳᠥᠷᠦᠭᠡᠨ ᠳᠦ ᠦᠶ᠎ᠡ
ᠵᠠᠢ ᠦᠭᠡᠢ ᠦᠶᠡᠷᠬᠡᠵᠦ
ᠠᠬᠠᠨ ᠳᠡᠭᠦᠦᠰ ᠰᠢᠭ᠌ ᠦᠨᠡᠬᠡᠷ
ᠰᠠᠶ᠋ᠢᠬᠠᠨ ᠳᠠᠰᠤᠯ᠎ᠠ
ᠠᠩᠬᠢ ᠳ᠋ᠠᠭᠠᠨ ᠪᠢᠳᠡ ᠨᠠᠷ ᠣᠯᠠᠭᠤᠯᠠ
ᠪᠠᠨ ᠪᠠᠶ᠋ᠢᠯ᠎ᠠ
ᠠᠩᠭᠢᠷᠬᠠᠨ ᠨᠠᠰᠤᠨ ᠳ᠋ᠠᠭᠠᠨ ᠠᠮᠠᠷᠬᠠᠨ
ᠳᠠᠰᠤᠯ᠎ᠠ
ᠠᠯᠳᠠᠩᠬᠠᠨ ᠵᠢᠯ ᠦᠳ ᠠᠯᠤᠰᠯᠠᠨ
ᠣᠳᠤᠯ᠎ᠠ
ᠠᠨᠳᠠᠬᠠᠨ ᠬᠡᠳᠦᠭᠦᠯᠡ ᠪᠡᠨ ᠦᠶᠡᠷᠬᠡᠵᠦ
ᠦᠯᠡᠳᠡᠯ᠎ᠡ
ᠬᠠᠮᠢᠶᠠᠲᠠᠨ ᠠ᠋ᠴᠠ ᠳᠤᠲᠠᠭᠤ ᠦᠭᠡᠢ
ᠠᠨᠳᠠ ᠨᠤᠭᠤᠳ ᠮᠢᠨᠢ
ᠬᠠᠨᠢᠯᠠᠭᠰᠠᠨ ᠠ᠋ᠴᠠ ᠳᠤᠲᠠᠭᠤ
ᠦᠭᠡᠢ ᠨᠠᠶ᠋ᠢᠵᠠ ᠨᠤᠭᠤᠳ ᠮᠢᠨᠢ
ᠰᠠᠨᠠᠭ᠎ᠠ ᠨᠡᠶ᠋ᠢᠯᠡᠭᠰᠡᠨ ᠦᠢᠯᠡᠰ
ᠲᠤ᠌ ᠪᠡᠨ
ᠰᠡᠳᠬᠢᠯ ᠨᠢᠭᠡᠲᠡᠢ ᠨᠠᠶ᠋ᠢᠵᠠ
ᠡ
ᠰᠠᠷ᠎ᠠ ᠲᠠᠢ ᠨᠠᠷᠠ ᠲᠠᠢ ᠬᠣᠷᠸ᠋᠎ᠠ
ᠳᠤ ᠪᠠᠨ
ᠢᠲᠡᠭᠡᠯ ᠨᠢᠭᠡᠲᠡᠢ ᠨᠠᠶ᠋ᠢᠵᠠ
ᠡ
ᠮᠢᠨᠦ ᠰᠠᠶ᠋ᠢᠬᠠᠨ ᠨᠠᠶ᠋ᠢᠵᠠ ᠨᠤᠭᠤᠳ
ᠢ
ᠮᠥᠩᠬᠡ ᠲᠡᠭᠷᠢ ᠢᠪᠡᠭᠡᠭᠡᠷᠡᠢ
ᠮᠢᠨᠦ ᠰᠠᠶ᠋ᠢᠬᠠᠨ ᠨᠠᠶ᠋ᠢᠵᠠ ᠨᠤᠭᠤᠳ
ᠢ
ᠪᠤᠷᠬᠠᠨ ᠲᠡᠭᠷᠢ ᠢᠪᠡᠭᠡᠭᠡᠷᠡᠢ
ᠮᠢᠨᠢ ᠰᠠᠶ᠋ᠢᠬᠠᠨ ᠨᠠᠶ᠋ᠢᠵᠠ ᠨᠤᠭᠤᠳ
ᠢ
ᠮᠥᠩᠬᠡ ᠲᠡᠭᠷᠢ ᠢᠪᠡᠭᠡᠭᠡᠷᠡᠢ
ᠪᠤᠷᠬᠠᠨ ᠲᠡᠭᠷᠢ ᠢᠪᠡᠭᠡᠭᠡᠷᠡᠢ
