ᠮᠥᠩᠭᠥᠨ ᠡᠪᠦᠯ-ᠠᠯᠲᠠᠢМөнгөн өвөл-алтай
ᠦᠭᠡ ᠄ ᠬᠣ ᠷᠢᠨᠴᠢᠨᠨᠠᠮᠵᠢᠯ
ᠠᠶ᠎ᠠ ᠄ ᠬᠠᠰᠲᠤᠶᠠᠬ᠋ᠠ
ᠳᠠᠭᠤᠴᠢᠨ ᠄ ᠠᠯᠲᠠᠢ
ᠮᠥᠩᠬᠡ ᠲᠩᠷᠢ ᠶ᠋ᠢᠨ ᠬᠣᠷᠮᠣᠢ ᠳ᠋ᠤ᠌ ᠬᠠᠰ ᠴᠠᠭᠠᠨ ᠢ᠋ᠶ᠋ᠠᠷ ᠴᠢᠮᠡᠭᠡᠳ
ᠮᠢᠨᠦ ᠨᠤᠲᠤᠭ ᠤ᠋ᠨ ᠪᠠᠷ᠎ᠠ ᠮᠥᠩᠭᠥ ᠰᠢᠭ ᠭᠢᠯᠠᠯᠵᠠᠭᠰᠠᠨ
ᠮᠠᠩᠨᠤᠭ ᠲᠠᠯ᠎ᠠ ᠶ᠋ᠢᠨ ᠮᠠᠯᠴᠢᠨ ᠲᠦᠮᠡᠨ
ᠮᠠᠷᠭᠠᠰᠢ ᠶ᠋ᠢᠨ ᠰᠠᠢᠬᠠᠨ ᠳ᠋ᠤ᠌ ᠢᠲᠡᠭᠡᠯ ᠲᠠᠢ ᠳᠠ ᠬᠥ
ᠮᠢᠨᠦ ᠨᠤᠲᠤᠭ ᠤ᠋ᠨ ᠮᠥᠩᠭᠥᠨ ᠡᠪᠦᠯ ᠠ᠋
ᠮᠢᠩᠭᠠᠨ ᠬᠦᠰᠡᠯ ᠦ᠋ᠨ ᠤᠶᠠᠩᠭ᠎ᠠ ᠲᠠᠢ ᠂ ᠤᠶᠠᠩᠭ᠎ᠠ ᠲᠠᠢ ᠳᠠ ᠬᠥ
ᠮᠢᠨᠦ ᠨᠤᠲᠤᠭ ᠤ᠋ᠨ ᠮᠥᠩᠭᠥᠨ ᠡᠪᠦᠯ ᠠ᠋
ᠮᠢᠩᠭᠠᠨ ᠬᠦᠰᠡᠯ ᠦ᠋ᠨ ᠤᠶᠠᠩᠭ᠎ᠠ ᠲᠠᠢ ᠂ ᠤᠶᠠᠩᠭ᠎ᠠ ᠲᠠᠢ ᠳᠠ ᠬᠥ
ᠵᠤᠵᠠᠭᠠᠨ ᠭᠦᠦᠷ ᠴᠠᠰᠤ ᠨᠢ ᠠᠭᠲᠠ ᠶ᠋ᠢᠨ ᠲᠤᠭᠤᠷᠠᠶ᠋ᠢᠨ ᠳ᠋ᠤ᠌ ᠪᠤᠲᠠᠷᠠᠭᠠᠳ
ᠵᠠᠭᠤᠨ ᠪᠠᠷ᠎ᠠ ᠶ᠋ᠢᠨ ᠭᠠᠵᠠᠷ ᠠ᠋ᠴᠠ ᠰᠦᠷᠦᠭ ᠨᠢ ᠬᠠᠷᠠᠭᠳᠠᠭᠰᠠᠨ
ᠮᠠᠩᠨᠤᠭ ᠲᠠᠯ᠎ᠠ ᠶ᠋ᠢᠨ ᠮᠠᠯᠴᠢᠨ ᠲᠦᠮᠡᠨ
ᠮᠠᠷᠭᠠᠰᠢ ᠶ᠋ᠢᠨ ᠰᠠᠢᠬᠠᠨ ᠳ᠋ᠤ᠌ ᠢᠲᠡᠭᠡᠯ ᠲᠡᠢ ᠳᠡ ᠬᠥ
ᠮᠢᠨᠦ ᠨᠤᠲᠤᠭ ᠤ᠋ᠨ ᠮᠥᠩᠭᠥᠨ ᠡᠪᠦᠯ ᠠ᠋
ᠮᠢᠩᠭᠠᠨ ᠬᠦᠰᠡᠯ ᠦ᠋ᠨ ᠤᠶᠠᠩᠭ᠎ᠠ ᠲᠠᠢ ᠂ ᠤᠶᠠᠩᠭ᠎ᠠ ᠲᠠᠢ ᠳᠠ ᠬᠥ
ᠮᠢᠨᠦ ᠨᠤᠲᠤᠭ ᠤ᠋ᠨ ᠮᠥᠩᠭᠥᠨ ᠡᠪᠦᠯ ᠠ᠋
ᠮᠢᠩᠭᠠᠨ ᠬᠦᠰᠡᠯ ᠦ᠋ᠨ ᠤᠶᠠᠩᠭ᠎ᠠ ᠲᠠᠢ ᠂ ᠤᠶᠠᠩᠭ᠎ᠠ ᠲᠠᠢ ᠳᠠ ᠬᠥ
ᠪᠠᠶᠠᠷᠲᠤ ᠳᠠᠭᠤᠤ ᠶ᠋ᠢᠨ ᠠᠶᠠᠰ ᠲᠤ᠌ ᠬᠠᠬᠢᠷ ᠬᠦᠢᠲᠡᠨ ᠤᠶᠠᠷᠠᠭᠠᠳ
ᠪᠠᠶᠠᠨ ᠰᠦᠷᠦᠭ ᠦ᠋ᠨ ᠮᠠᠶ᠋ᠢᠯᠠᠬ᠋ᠠ ᠰᠡᠳᠬᠢᠯ ᠊ᠢ ᠪᠠᠶᠠᠰᠬᠠᠭᠰᠠᠨ