ᠮᠢᠨᠦ ᠨᠤᠲᠤᠭ ᠤᠨ ᠪᠠᠷ᠎ᠠ-ᠪᠠᠨᠽᠠᠷᠠᠭᠴᠢМиний нутгийн бараа-Банзрагч Minii nutgiin baraa - Banzragch
ᠮᠢᠨᠦ ᠨᠤᠲᠤᠭ ᠤᠨ ᠪᠠᠷ᠎ᠠ
ᠦᠭᠡ ᠄ ᠱ ᠰᠦᠷᠦᠩᠵᠠᠪ
ᠠᠶ᠎ᠠ ᠄ ᠳ ᠪᠠᠲᠤᠲᠡᠮᠦᠷ
ᠳᠠᠭᠤᠴᠢᠨ᠄ ᠪᠠᠨᠽᠠᠷᠠᠭᠴᠢ
ᠭᠠᠵᠠᠷ ᠤ᠋ᠨ ᠬᠣᠯᠠ ᠠ᠋ᠴᠠ ᠴᠠᠶ᠋ᠢᠪᠠᠯᠵᠠᠭᠰᠠᠨ
ᠭᠠᠩᠭᠠᠩ ᠴᠠᠭᠠᠨ ᠬᠣᠲᠠ ᠪᠠᠶ᠋ᠢᠨ᠎ᠠ ᠬᠥ᠋
ᠭᠠᠭᠴᠠᠬᠠᠨ ᠨᠠᠰᠤᠨ ᠳ᠋ᠤ᠌ ᠵᠠᠶᠠᠭᠠᠭᠰᠠᠨ
ᠮᠢᠨᠦ ᠨᠤᠲᠤᠭ ᠤ᠋ᠨ ᠪᠠᠷ᠎ᠠ ᠶᠣ᠌ ᠳᠠ
ᠰᠦᠷᠦᠭ ᠦ᠋ᠨ ᠪᠡᠯᠴᠢᠭᠡᠷ
ᠴᠢᠮᠡᠭᠯᠡᠭᠰᠡᠨ
ᠰᠦᠢᠬᠡᠨ ᠴᠠᠭᠠᠨ ᠭᠡᠷ ᠪᠠᠶ᠋ᠢᠨ᠎ᠠ ᠬᠥ᠋
ᠰᠦ ᠪᠡᠨ ᠡᠷᠭᠦᠭᠡᠳ ᠬᠣᠴᠣᠷᠤᠭᠰᠠᠨ
ᠮᠢᠨᠦ ᠡᠵᠢ ᠶ᠋ᠢᠨ ᠥᠷᠭᠥᠭᠡ ᠶᠣ᠌ ᠳᠠ
ᠬᠣᠭᠣᠯᠠᠢ ᠶ᠋ᠢᠨ ᠴᠡᠭᠡᠯ ᠊ᠢ ᠪᠠᠬᠠᠳᠤᠭᠤᠯᠤᠭᠰᠠᠨ
ᠬᠣᠩᠭᠣᠷ ᠪᠦᠰᠡᠭᠦᠢ ᠶ᠋ᠢᠨ ᠳᠠᠭᠤᠯᠠᠯ ᠪᠠᠶ᠋ᠢᠨ᠎ᠠ ᠬᠥ᠋
ᠬᠣᠯᠠ ᠶ᠋ᠢᠨ ᠬᠣᠯᠠ ᠠ᠋ᠴᠠ ᠰᠠᠨᠠᠭᠰᠠᠨ
ᠮᠢᠨᠦ ᠠᠮᠠᠷᠠᠭ ᠤ᠋ᠨ ᠪᠠᠷ᠎ᠠ ᠶᠣ᠌ ᠳᠠ
ᠥᠨᠳᠥᠷ ᠲᠩᠷᠢ ᠶ᠋ᠢ ᠮᠥᠷᠥᠯᠡᠭᠰᠡᠨ
ᠡᠭᠦᠯᠡᠨ ᠴᠡᠩᠬᠡᠷ
ᠠᠭᠤᠯᠠᠰ ᠪᠠᠶ᠋ᠢᠨ᠎ᠠ ᠬᠥ᠋
ᠦᠷᠭᠦᠯᠵᠢ ᠨᠠᠳᠠ ᠳ᠋ᠤ᠌ ᠵᠡᠭᠦᠳᠦᠯᠡᠭᠳᠡᠭᠰᠡᠨ
ᠮᠢᠨᠦ ᠨᠤᠲᠤᠭ ᠤ᠋ᠨ ᠪᠠᠷ᠎ᠠ ᠶᠣ᠌ ᠳᠠ
ᠦᠰᠦᠭ ᠬᠠᠳᠠᠭᠴᠢ ᠄ ᠨᠡᠷᠡᠨ᠎ᠡ
ᠦᠰᠦᠭ ᠠᠮᠢᠯᠠᠭᠤᠯᠤᠭᠴᠢ ᠄ ᠴᠣᠭᠵᠢᠷᠭᠠᠯ
ᠬᠢᠨᠠᠭᠴᠢ᠄ ᠤᠲᠤᠨᠭᠡᠷᠡᠯ
