ᠭᠡᠰᠢᠭᠪᠠᠲᠤ-ᠠᠯᠳᠠᠷᠲᠤ ᠰᠢᠯᠦᠭᠴᠢ ᠪᠥᠭᠡᠳ ᠲᠡᠦᠬᠡᠴᠢХишигбат-алдарт шүлэгч бөгөөд түүхч ᠴᠤᠤᠲᠤ ᠬᠥᠮᠥᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠡᠰᠢᠭᠪᠠᠲᠤ-ᠠᠯᠳᠠᠷᠲᠤ ᠰᠢᠯᠦᠭᠴᠢ ᠪᠥᠭᠡᠳ ᠲᠡᠦᠬᠡᠴᠢХишигбат-алдарт шүлэгч бөгөөд түүхч

ᠭᠡᠰᠢᠭᠪᠠᠲᠤ-ᠠᠯᠳᠠᠷᠲᠤ ᠰᠢᠯᠦᠭᠴᠢ ᠪᠥᠭᠡᠳ ᠲᠡᠦᠬᠡᠴᠢХишигбат-алдарт шүлэгч бөгөөд түүхч

ᠠᠩᠭᠢᠯᠠᠯ:ᠴᠤᠤᠲᠤ ᠬᠥᠮᠥᠰ
2023-03-28

797

ᠭᠡᠰᠢᠭᠪᠠᠲᠤ-ᠠᠯᠳᠠᠷᠲᠤ ᠰᠢᠯᠦᠭᠴᠢ ᠪᠥᠭᠡᠳ ᠲᠡᠦᠬᠡᠴᠢ 

 ᠭᠡᠰᠢᠭᠪᠠᠲᠤ ᠶ᠋ᠢᠨ ᠴᠣᠯᠠ ᠨᠢ ᠬᠠᠷ᠎ᠠ ᠰᠠᠬᠠᠯᠲᠤ ᠭᠡᠳᠡᠭ ᠂1849 ᠣᠨ ᠳ᠋ᠤ᠌ ᠶᠡᠬᠡ ᠵᠣᠣ ᠴᠢᠭᠤᠯᠭᠠᠨ ᠤ᠋ ᠦᠦᠰᠢᠨ ᠬᠤᠰᠢᠭᠤᠨ ᠤ᠋ ᠱᠠᠷᠯᠢᠭ᠋ ( ᠰᠢᠷ᠎ᠠ ᠡᠯᠢᠭᠡ ) ᠰᠤᠮᠤ ᠶ᠋ᠢᠨ ᠬᠣᠱᠣᠢ ᠶ᠋ᠢᠨ ᠴᠠᠶ᠋ᠢᠲᠠᠮ ᠤ᠋ᠨ ᠬᠠᠲᠠᠭᠢᠨ ᠣᠪᠣᠭᠲᠤ ᠬᠠᠷᠠᠴᠤ ᠠᠷᠠᠳ ᠷᠠᠪᠵᠠᠢ ᠶ᠋ᠢᠨ ᠭᠡᠷ ᠲᠦ᠍ ᠲᠥᠷᠥᠵᠡᠢ ᠃ ᠲᠡᠷᠡ ᠠᠷᠪᠠᠨ ᠬᠡᠳᠦᠨ ᠨᠠᠰᠤᠨ ᠠ᠋ᠴᠠ ᠪᠠᠨ ᠡᠬᠢᠯᠡᠵᠦ᠂ ᠠᠶ᠋ᠢᠯ ᠠᠶ᠋ᠢᠮᠠᠭ ᠤ᠋ᠨ ᠢ᠋ᠶ᠋ᠠᠨ ᠪᠢᠴᠢᠭ ᠮᠡᠳᠡᠳᠡᠭ ᠬᠥᠮᠦᠰ ᠢ᠋ᠶ᠋ᠡᠷ ᠮᠣᠩᠭᠣᠯ ᠪᠢᠴᠢᠭ ᠵᠢᠭᠠᠯᠭᠠᠵᠤ ᠂ ᠰᠤᠷᠤᠭᠰᠠᠨ ᠪᠠ ᠰᠡᠭᠦᠯᠳᠡᠵᠦ ᠢᠷᠡᠭᠡᠳ ᠬᠢᠲᠠᠳ᠂ ᠲᠥᠪᠡᠳ ᠪᠢᠴᠢᠭ ᠊ᠢ ᠴᠦ᠍ ᠨᠡᠯᠢᠶᠡᠳ ᠡᠵᠡᠮᠰᠢᠭᠰᠡᠨ ᠪᠠᠶ᠋ᠢᠨ᠎ᠠ᠃
 ᠭᠡᠰᠢᠭᠪᠠᠲᠤ ᠠᠷᠪᠠᠨ ᠳᠥᠷᠪᠡᠲᠡᠢ ᠳ᠋ᠦ᠍ ᠪᠡᠨ ᠦᠦᠰᠢᠨ ᠬᠤᠰᠢᠭᠤᠨ ᠤ᠋ ᠪᠠᠷᠠᠭᠤᠨ ᠬᠦᠩ ᠦ᠋ᠨ ᠲᠤᠰᠠᠯᠠᠭᠴᠢ ᠨᠣᠶᠠᠨ ᠪᠠᠯᠵᠤᠤᠷ ᠤ᠋ᠨ ᠳᠠᠭᠠᠯᠲᠠ ᠵᠠᠷᠤᠴᠠ ᠶ᠋ᠢᠨ ᠠᠯᠪᠠᠨ ᠳ᠋ᠤ᠌ ᠲᠠᠲᠠᠭᠳᠠᠨ ᠵᠠᠷᠤᠴᠠᠯᠠᠭᠳᠠᠭᠠᠳ ᠰᠡᠭᠦᠯᠡᠷ ᠨᠢ ᠲᠡᠭᠦᠨ ᠦ᠌ ᠭᠠᠷ ᠳᠣᠣᠷ᠎ᠠ ᠪᠢᠴᠢᠭᠡᠴᠢ ᠶ᠋ᠢᠨ ᠠᠯᠪᠠ ᠬᠢᠵᠡᠢ᠃ ᠲᠡᠷᠡ ᠭᠤᠴᠢᠭᠠᠳ ᠨᠠᠰᠤᠨ ᠠ᠋ᠴᠠ ᠡᠬᠢᠯᠡᠵᠦ᠂ ᠬᠣᠰᠢᠭᠤ ᠵᠠᠰᠠᠭ ᠪᠣᠯᠤᠨ ᠬᠦᠩ ᠨᠣᠶᠠᠳ ᠤ᠋ᠨ ᠴᠠᠯᠢᠩ ᠹᠦᠩᠯᠦ ᠶ᠋ᠢᠨ ᠮᠥᠩᠭᠥ ᠶ᠋ᠢ ᠪᠠᠭᠤᠯᠭᠠᠨ ᠠᠪᠴᠢᠷᠠᠬᠤ ᠠᠯᠪᠠᠨ ᠳ᠋ᠤ᠌ ᠵᠠᠷᠤᠭᠳᠠᠵᠤ ᠮᠣᠷᠢ ᠂ ᠯᠠᠭᠤᠰᠠ ᠵᠡᠷᠭᠡ ᠤᠨᠤᠭ᠎ᠠ ᠪᠠᠷ ᠪᠡᠭᠡᠵᠢᠩ ᠬᠣᠲᠠᠨ᠎ᠠ ᠠᠷᠪᠠᠭᠠᠳ ᠤᠳᠠᠭ᠎ᠠ ᠣᠴᠢᠪᠠ᠃ ᠲᠠᠪᠢᠭᠠᠳ ᠨᠠᠰᠤᠨ ᠤ᠋ ᠦᠶ᠎ᠡ ᠳ᠋ᠦ᠍ ᠪᠡᠨ ᠳᠣᠯᠣᠭᠠᠨ ᠪᠠᠭ᠎ᠠ ᠳᠠᠭᠠᠭᠠᠮᠠᠯ ᠊ᠢ ᠵᠠᠬᠢᠷᠬᠤ ᠳᠡᠳ᠋ ᠵᠠᠷᠭᠤᠴᠢ ᠶ᠋ᠢᠨ ᠲᠤᠰᠢᠶᠠᠯ ᠳ᠋ᠤ᠌ ᠳᠠᠪᠰᠢᠵᠠᠢ᠃ ᠲᠡᠭᠦᠨ ᠦ᠌ ᠡᠨᠡ ‍ᠬᠦ ᠲᠤᠰᠢᠶᠠᠯ ᠳ᠋ᠤ᠌ ᠪᠠᠶ᠋ᠢᠬᠰᠠᠨ ᠦᠶ᠎ᠡ ᠳ᠋ᠦ᠍᠂ ᠦᠦᠰᠢᠨ ᠬᠤᠰᠢᠭᠤᠨ ᠳ᠋ᠤ᠌ ᠬᠣᠶᠠᠳᠠᠬᠢ ᠤᠳᠠᠭᠠᠨ ᠤ᠋ 《 ᠳᠤᠭᠤᠶ᠋ᠢᠯᠠᠩ ᠤ᠋ᠨ ᠬᠥᠳᠡᠯᠭᠡᠭᠡᠨ 》 ᠥᠷᠨᠢᠭᠰᠡᠨ ᠳ᠋ᠦ᠍ ᠲᠡᠷᠡ ᠨᠢᠭᠤᠴᠠ ᠠᠭᠤᠯᠭ᠎ᠠ ᠪᠦᠬᠦᠢ ᠰᠢᠯᠦᠭ ᠪᠢᠴᠢᠵᠦ ᠂ ᠳᠤᠭᠤᠶ᠋ᠢᠯᠠᠩ ᠤ᠋ᠨ ᠬᠢᠨ ᠳ᠋ᠦ᠍ ᠮᠠᠲᠠᠭᠳᠠᠨ ᠲᠡᠳᠡᠨ ᠦ᠌ ᠬᠡᠰᠡᠭ ᠬᠥᠮᠦᠰ ᠊ᠢ ᠠᠶᠤᠯ ᠠ᠋ᠴᠠ ᠵᠠᠶ᠋ᠢᠯᠠᠭᠤᠯᠤᠨ ᠳᠤᠲᠠᠭᠠᠯᠭᠠᠵᠤ ᠪᠠᠶ᠋ᠢᠬᠰᠠᠨ ᠪᠥᠭᠡᠳ 《 ᠦᠦᠰᠢᠨ ᠬᠤᠰᠢᠭᠤᠨ ᠤ᠋ ᠳᠤᠭᠤᠶ᠋ᠢᠯᠠᠩ 》᠂ 《 ᠬᠠᠯᠢᠭᠤᠲᠤ ᠶ᠋ᠢᠨ ᠰᠦᠮ᠎ᠡ ᠶ᠋ᠢᠨ ᠴᠢᠭᠤᠯᠭᠠᠨ 》 ᠭᠡᠬᠦ ᠵᠡᠷᠭᠡ ᠶ᠋ᠢᠨ ᠳᠤᠭᠤᠶ᠋ᠢᠯᠠᠩ ᠤ᠋ᠨ ᠬᠥᠳᠡᠯᠭᠡᠭᠡᠨ ᠊ᠢ ᠳᠠᠮᠵᠢᠭᠰᠠᠨ ᠰᠢᠯᠦᠭ ᠪᠢᠴᠢᠭᠰᠡᠨ ᠡᠴᠡ ᠪᠣᠯᠵᠤ ᠲᠤᠰᠢᠶᠠᠯ ᠢ᠋ᠶ᠋ᠠᠨ ᠬᠤᠰᠤᠭᠤᠯᠵᠠᠢ᠃ ᠲᠡᠭᠦᠨ ᠡᠴᠡ ᠬᠣᠶ᠋ᠢᠰᠢ ᠲᠡᠷᠡ ᠬᠥᠳᠡᠭᠡ ᠭᠡᠷ  ᠲᠡᠭᠡᠨ ᠪᠤᠴᠠᠵᠤ ᠂ ᠬᠡᠦᠬᠡᠳ ᠲᠦ᠍ ᠪᠢᠴᠢᠭ ᠵᠢᠭᠠᠠᠬᠤ ᠪᠤᠶᠤ ᠮᠠᠯ ᠬᠠᠷᠢᠭᠤᠯᠤᠨ ᠂ ᠢᠳᠡᠰᠢᠨ ᠨᠣᠭᠣᠭ᠎ᠠ ᠲᠠᠷᠢᠵᠤ ᠂ ᠡᠮ ᠪᠠᠷᠢᠨ ᠂ ᠵᠣᠬᠢᠶᠠᠯ ᠪᠢᠴᠢᠵᠦ ᠠᠮᠢᠳᠤᠷᠠᠪᠠ᠃
 ᠭᠡᠰᠢᠭᠪᠠᠲᠤ 1916 ᠣᠨ ᠤ᠋ ᠪᠢᠯᠢᠭ ᠦ᠋ᠨ ᠤᠯᠠᠷᠢᠯ ᠤ᠋ᠨ ᠡᠪᠦᠯ ᠦ᠋ᠨ ᠰᠡᠭᠦᠯ ᠰᠠᠷ᠎ᠠ ᠶ᠋ᠢᠨ18 ᠤ᠋ ᠡᠳᠦᠷ ᠡᠪᠡᠳᠴᠢᠨ ᠢ᠋ᠶ᠋ᠡᠷ ᠨᠠᠰᠤ ᠪᠠᠷᠠᠵᠠᠢ᠃
ᠭᠡᠰᠢᠭᠪᠠᠲᠤ ᠰᠢᠯᠦᠭ ᠵᠣᠬᠢᠶᠠᠯ ᠳ᠋ᠤ᠌ ᠮᠠᠰᠢ ᠠᠪᠢᠶᠠᠰ ᠲᠠᠢ ᠪᠠᠶ᠋ᠢᠵᠤ ᠂ ᠲᠠᠪᠢ ᠭᠠᠷᠤᠢ ᠵᠢᠯ ᠦ᠋ᠨ ᠵᠣᠬᠢᠶᠠᠨ ᠪᠦᠲᠦᠭᠡᠬᠦ ᠦᠢᠯᠡᠳᠦᠯᠭᠡ ᠶ᠋ᠢᠨ ᠳᠤᠮᠳᠠ ᠪᠠᠨ 《 ᠬᠣᠣᠰ ᠮᠣᠷᠢᠨ ᠤ᠋ ᠰᠠᠶ᠋ᠢᠪᠤᠷ 》᠂ 《 ᠥᠨᠳᠥᠷ ᠬᠥᠬᠡ ᠣᠭᠲᠠᠷᠭᠤᠢ 》᠂ 《 ᠡᠷᠬᠢᠮ ᠣᠯᠠᠨ ᠳᠤᠭᠤᠶ᠋ᠢᠯᠠᠩ 》᠂ 《 ᠠᠳᠠᠯᠢ ᠲᠡᠭᠰᠢ》 ᠭᠡᠬᠦ ᠮᠡᠲᠦ ᠶ᠋ᠢᠨ ᠵᠠᠭᠤ ᠰᠢᠬᠠᠮ ᠰᠢᠯᠦᠭ ᠨᠠᠶ᠋ᠢᠷᠠᠭ ᠊ᠢ ᠵᠣᠬᠢᠶᠠᠭᠰᠠᠨ ᠠ᠋ᠴᠠ ᠭᠠᠳᠠᠨ᠎ᠠ ᠪᠠᠰᠠ 《 ᠠᠷᠢᠭᠤᠨ ᠲᠣᠯᠢ 》᠂ 《 ᠠᠯᠲᠠᠨ ᠲᠣᠯᠢ 》᠂ 《 ᠭᠡᠭᠡᠨ ᠲᠣᠯᠢ 》 ( ᠬᠡᠦᠬᠡᠳ ᠦ᠋ᠨ ᠰᠤᠷᠬᠤ ᠪᠢᠴᠢᠭ ᠪᠣᠯᠤᠨ᠎ᠠ ) ᠪᠣᠯᠤᠨ 《 ᠡᠷᠲᠡ ᠪᠠ ᠡᠳᠦᠭᠡ ᠶ᠋ᠢᠨ ᠡᠷᠳᠡᠨᠢ ᠶ᠋ᠢᠨ ᠲᠣᠪᠴᠢ 》 ᠬᠡᠮᠡᠬᠦ ᠲᠡᠦᠬᠡ ᠶ᠋ᠢᠨ ᠵᠣᠬᠢᠶᠠᠯ ᠪᠢᠴᠢᠪᠡ᠃ ᠲᠡᠭᠦᠨ ᠦ᠌ ᠡᠳᠡᠭᠡᠷ ᠵᠣᠬᠢᠶᠠᠯ ᠪᠦᠲᠦᠭᠡᠯ ᠨᠢ ᠮᠣᠩᠭᠣᠯ ᠤ᠋ᠨ ᠰᠣᠶᠣᠯ ᠤ᠋ᠨ ᠥᠪ ᠦ᠋ᠨ ᠨᠢᠭᠡ ᠬᠡᠰᠡᠭ ᠪᠣᠯᠬᠤ ᠪᠥᠭᠡᠳ  ᠣᠨᠴᠠᠭᠠᠶ᠋ᠢᠯᠠᠨ ᠥᠰᠪᠥᠷᠢ ᠪᠠᠭ᠎ᠠ ᠬᠡᠦᠬᠡᠳ ᠦ᠋ᠨ ᠦᠰᠦᠭ ᠪᠢᠴᠢᠭ ᠰᠤᠷᠬᠤ ᠳ᠋ᠤ᠌ ᠵᠣᠷᠢᠭᠤᠯᠤᠭᠰᠠᠨ 《 ᠭᠦᠶᠦᠬᠡᠨ ᠤᠳᠬ᠎ᠠ ᠶ᠋ᠢᠨ ᠲᠣᠯᠢ 》 ᠬᠡᠮᠡᠬᠦ ᠰᠢᠯᠦᠭ ᠦ᠋ᠨ ᠬᠡᠯᠪᠡᠷᠢ ᠪᠡᠷ ᠵᠣᠬᠢᠶᠠᠭᠰᠠᠨ ᠰᠤᠷᠬᠤ ᠪᠢᠴᠢᠭ ᠨᠢ ᠬᠡᠦᠬᠡᠳ ᠪᠠᠭᠠᠴᠤᠳ ᠤ᠋ᠨ ᠰᠣᠨᠢᠷᠬᠠᠯ ᠊ᠢ ᠲᠠᠲᠠᠭᠰᠠᠨ ᠮᠣᠩᠭᠣᠯ ᠦᠨᠳᠦᠰᠦᠲᠡᠨ  ᠦ᠌ ᠠᠷᠢᠭᠤᠨ ᠴᠠᠭᠠᠨ ᠵᠠᠩ ᠠᠭᠠᠯᠢ ᠶ᠋ᠢ ᠳᠤᠰᠬᠠᠭᠰᠠᠨ ᠣᠬᠢ ᠰᠠᠢᠨ ᠪᠦᠲᠦᠭᠡᠯ ᠪᠣᠯᠤᠨ᠎ᠠ᠃

 ᠦᠰᠦᠭ ᠠᠮᠢᠯᠠᠭᠤᠯᠠᠭᠴᠢ ᠄ ᠲᠤᠶᠠᠭ᠎ᠠ
 ᠬᠢᠨᠠᠭᠴᠢ ᠄ ᠣᠳᠬᠠᠨᠰᠣ᠎ᠠ